ᠲᠠᠷᠢᠶᠠᠯᠠᠩ ᠤᠨ ᠮᠠᠰᠢᠨ ᠢ ᠠᠷᠠᠴᠢᠯᠠᠨ ᠬᠠᠮᠠᠭᠠᠯᠠᠬᠤ ᠶᠡᠷᠦ ᠶᠢᠨ ᠮᠡᠳᠡᠯᠭᠡ
ᠨᠡᠶᠢᠲᠡᠯᠡᠭᠰᠡᠨ ᠴᠠᠭ᠄
2025/4/28
   ᠴᠡᠪᠡᠷᠯᠡᠬᠦ᠄ ᠬᠠᠪᠤᠷ ᠤᠨ ᠲᠠᠷᠢᠶᠠᠯᠠᠭ᠎ᠠ ᠠᠴᠠ ᠡᠮᠦᠨ᠎ᠡ ᠲᠠᠷᠢᠶᠠᠯᠠᠩ ᠤᠨ ᠮᠠᠰᠢᠨ ᠢ ᠲᠦᠢᠯᠪᠤᠷᠢᠲᠠᠢ ᠴᠡᠪᠡᠷᠯᠡᠵᠦ᠂ ᠮᠠᠰᠢᠨ ᠤ ᠬᠤᠭ ᠲᠣᠭᠤᠰᠣ᠂ ᠰᠢᠪᠠᠷ ᠰᠢᠷᠣᠢ᠂ ᠲᠣᠰᠣᠨ ᠤ ᠭᠬᠢᠷ ᠵᠢᠴᠢ ᠬᠤᠷᠢᠶᠠᠯᠲᠠ ᠶᠢᠨ ᠤᠯᠠᠷᠢᠯ ᠤᠨ ᠦᠯᠡᠳᠡᠭᠳᠡᠯ ᠲᠠᠷᠢᠮᠠᠯ ᠤᠨ ᠰᠢᠭᠠᠷᠤ ᠵᠡᠷᠭᠡ ᠶᠢ ᠠᠷᠢᠯᠭᠠᠵᠤ᠂ ᠢᠳᠡᠭᠳᠡᠬᠦ ᠠᠴᠠ ᠰᠡᠷᠭᠡᠶᠢᠯᠡᠨ᠂ ᠢᠯᠴᠢ ᠰᠠᠷᠨᠢᠭᠤᠯᠬᠤ ᠪᠠ ᠠᠵᠢᠯᠯᠠᠬᠤ ᠶᠢ ᠪᠠᠲᠤᠯᠠᠨ᠎ᠠ᠃ ᠤᠭᠰᠠᠷᠠᠭ᠎ᠠ ᠲᠣᠨᠤᠭ ᠢ ᠪᠠᠶᠢᠴᠠᠭᠠᠬᠤ᠄ ᠡᠯ᠎ᠡ ᠤᠭᠰᠠᠷᠠᠭ᠎ᠠ ᠲᠣᠨᠤᠭ ᠢ ᠪᠥᠬᠦ ᠲᠠᠯ᠎ᠠ ᠪᠠᠷ ᠪᠠᠶᠢᠴᠠᠭᠠᠨ᠎ᠠ᠂ ᠵᠢᠱᠢᠶᠡᠯᠡᠪᠡᠯ ᠳᠤᠭᠤᠶᠢᠯᠠᠪᠤᠷᠢ ᠶᠢᠨ ᠡᠯᠡᠭᠳᠡᠯ᠂ ᠠᠭᠠᠷ ᠤᠨ ᠳᠠᠷᠤᠯᠲᠠ ᠬᠡᠪ ᠤᠨ ᠪᠠᠶᠢᠬᠤ ᠡᠰᠡᠬᠦ᠂ ᠡᠷᠭᠢ ᠱᠤᠷᠠᠭ ᠨᠢ ᠰᠤᠯᠠᠷᠠᠭᠰᠠᠨ ᠡᠰᠡᠬᠦ᠂ ᠳᠠᠮᠵᠢᠯᠭ᠎ᠠ ᠶᠢᠨ ᠪᠦᠰᠡ ᠶᠢᠨ ᠴᠢᠩᠭ᠎ᠠ ᠰᠤᠯᠠ ᠶᠢᠨ ᠬᠡᠮᠵᠢᠶ᠎ᠡ ᠨᠢ ᠲᠣᠬᠢᠷᠠᠬᠤ ᠡᠰᠡᠬᠦ᠂ ᠭᠢᠨᠵᠢ ᠶᠢᠨ ᠡᠯᠡᠭᠳᠡᠯ ᠤᠨ ᠪᠠᠶᠢᠳᠠᠯ ᠵᠡᠷᠭᠡ ᠶᠢ ᠪᠥᠬᠦ ᠲᠠᠯ᠎ᠠ ᠪᠠᠷ ᠪᠠᠶᠢᠴᠠᠭᠠᠵᠤ᠂ ᠡᠪᠳᠡᠷᠡᠵᠦ ᠰᠦᠢᠳᠦᠭᠰᠡᠨ ᠪᠤᠶᠤ ᠬᠠᠭᠤᠴᠢᠷᠠᠭᠰᠠᠨ ᠤᠭᠰᠠᠷᠠᠭ᠎ᠠ ᠲᠣᠨᠤᠭ ᠢ ᠴᠠᠭ ᠲᠤᠬᠠᠢ ᠳᠤᠨᠢ ᠰᠣᠯᠢᠨ᠎ᠠ᠃ ᠬᠥᠳᠡᠯᠭᠡᠭᠦᠷ ᠮᠠᠰᠢᠨ ᠢ ᠠᠷᠠᠴᠢᠯᠠᠨ ᠬᠠᠮᠠᠭᠠᠯᠠᠬᠤ᠄ ᠮᠠᠰᠢᠨ ᠤ ᠲᠣᠰᠣ᠂ ᠬᠥᠷᠥᠭᠡᠭᠰᠡᠨ ᠰᠢᠩᠭᠡᠨ ᠤ ᠪᠠᠶᠢᠷᠢ ᠪᠣᠯᠣᠨ ᠴᠢᠨᠠᠷ ᠢ ᠪᠠᠶᠢᠴᠠᠭᠠᠵᠤ᠂ ᠴᠢᠬᠤᠯᠠ ᠲᠠᠢ ᠦᠶ᠎ᠡ ᠳᠤ ᠰᠣᠯᠢᠨ᠎ᠠ᠃ ᠠᠭᠠᠷ ᠤᠨ ᠱᠦᠭᠦᠭᠦᠷ ᠢ ᠴᠡᠪᠡᠷᠯᠡᠵᠦ᠂ ᠠᠭᠠᠷ ᠰᠠᠭᠠᠳ ᠦᠭᠡᠢ ᠨᠡᠪᠳᠡᠷᠡᠬᠦ ᠶᠢ ᠪᠠᠲᠤᠯᠠᠬᠤ ᠶᠢᠨ ᠬᠠᠮᠲᠤ ᠪᠠᠰᠠ ᠣᠴᠢ ᠶᠢᠨ ᠪᠥᠭᠯᠡᠭᠡ᠂ ᠲᠣᠰᠣ ᠰᠦᠷᠴᠢᠬᠦ ᠴᠣᠷᠭᠤ ᠵᠡᠷᠭᠡ ᠶᠢ ᠪᠠᠶᠢᠴᠠᠭᠠᠵᠤ᠂ ᠬᠥᠳᠡᠯᠭᠡᠭᠦᠷ ᠤᠨ ᠬᠡᠪ ᠢᠶᠠᠷ ᠠᠵᠢᠯᠯᠠᠬᠤ ᠶᠢ ᠪᠠᠲᠤᠯᠠᠨ᠎ᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号