ᠡᠷᠡᠨ ᠪᠦᠷᠢ ᠲᠤᠮᠳᠠᠭᠤᠷ ᠴᠠᠳᠪᠠᠯ ᠤᠷᠳᠤ ᠨᠠᠰᠤᠯᠠᠨ᠎ᠠ
ᠨᠡᠶᠢᠲᠡᠯᠡᠭᠰᠡᠨ ᠴᠠᠭ᠄
2018/6/27
   ᠰᠦᠯᠵᠢᠶᠡᠨ ᠳᠡᠭᠡᠷ᠎ᠡ᠄ ︽ᠬᠦᠮᠤᠨ ᠨᠢᠭᠡ ᠨᠠᠰᠤᠨ ᠳᠠᠭᠠᠨ 9 ᠲᠤᠨ ᠤᠷᠴᠢᠮ ᠶᠠᠭᠤᠮ᠎ᠠ ᠢᠳᠡᠨ᠎ᠡ᠂ ᠬᠡᠨ ᠤᠷᠢᠳᠠᠪᠠᠷ ᠢᠳᠡᠵᠦ ᠪᠠᠷᠠᠪᠠᠯ ᠲᠡᠷᠡ ᠤᠷᠢᠳᠡᠪᠡᠷ ᠶᠠᠪᠤᠨ᠎ᠠ᠂ ︾ ᠭᠡᠬᠦ‍ ᠨᠢᠭᠡ ᠪᠠᠳᠠᠭ ᠦᠭᠡ ᠳᠡᠯᠭᠡᠷᠡᠵᠦ ᠪᠠᠶᠢᠯ᠎ᠠ᠃ ︽9 ᠲᠤᠨ ᠤ ᠤᠨᠤᠯ ︾ ᠨᠢ ᠤᠨᠤᠪᠴᠢᠲᠡᠢ ᠪᠢᠰᠢ ᠪᠤᠯᠪᠠᠴᠤ᠂ ᠬᠡᠳᠦᠷᠡᠲᠡᠯ᠎ᠡ ᠢᠳᠡᠵᠦ ᠤᠤᠭᠤᠬᠤ ᠨᠢ ᠪᠤᠷᠤᠭᠤ ᠶᠤᠮ ᠭᠡᠰᠡᠨ ᠢ ᠡᠨᠡ ᠨᠢ ᠬᠦᠮᠤᠰ ᠲᠤ ᠰᠡᠷᠡᠮᠵᠢᠯᠡᠭᠦᠯᠵᠦ ᠪᠠᠶᠢᠭ᠎ᠠ ᠶᠤᠮ᠃ ᠤᠶᠢᠷ᠎ᠠ ᠳᠤ ᠠᠩᠭ᠍ᠯᠢ ᠶᠢᠨ ︽ᠪᠠᠶᠢᠭᠠᠯᠢ᠂ ᠮᠡᠳᠡᠭᠡᠯᠡᠯ ︾ ᠰᠡᠳᠭᠦᠯ ᠳᠡᠭᠡᠷ᠎ᠡ ᠨᠡᠶᠢᠲᠡᠯᠡᠭᠳᠡᠭᠰᠡᠨ ᠨᠢᠭᠡᠨ ᠰᠤᠳᠤᠯᠭᠠᠨ ᠡᠭᠦᠨ ᠢ ᠭᠡᠷᠡᠴᠢᠯᠡᠵᠡᠢ᠄ ᠡᠷᠡᠨ ᠪᠦᠷᠢ ᠪᠠᠭ᠎ᠠ ᠢᠳᠡᠬᠦ ᠨᠢ ᠨᠠᠰᠤ ᠵᠢᠯ ᠲᠠᠢ ᠬᠤᠯᠪᠤᠭᠳᠠᠬᠤ ᠡᠯ᠎ᠡ ᠵᠥᠢᠯ ᠤᠨ ᠡᠪᠡᠳᠴᠢᠨ ᠡᠬᠦᠰᠬᠦ ᠶᠢ ᠪᠠᠭᠠᠰᠬᠠᠵᠦ᠂ ᠠᠮᠢ ᠨᠠᠰᠤ ᠶᠢ ᠤᠷᠳᠤᠳᠬᠠᠵᠦ ᠴᠢᠳᠠᠨ᠎ᠠ᠃    ᠠᠮᠧᠷᠢᠺᠠ ᠶᠢᠨ ᠸᠢᠰᠺᠤᠨᠰᠢᠨ ᠶᠡᠭᠡ ᠰᠤᠷᠭᠠᠭᠤᠯᠢ ᠶᠢᠨ ᠨᠢᠭᠡᠨ ᠰᠤᠳᠤᠯᠭᠠᠨ ᠤ ᠠᠩᠭᠢ ᠶᠢᠨ ᠬᠢᠨ ᠰᠠᠷᠮᠠᠭᠴᠢᠨ  ᠢ ᠮᠦᠷᠳᠡᠵᠦ ᠬᠢᠭᠰᠡᠨ 20 ᠭᠠᠷᠤᠢ ᠵᠢᠯ ᠤᠨ ᠰᠤᠳᠤᠯᠭᠠᠨ ᠤ ᠳ᠋ᠦᠩ ᠳᠤ ᠢᠯᠡᠷᠡᠭᠦᠯᠦᠭᠰᠡᠨ ᠢᠶᠠᠷ᠂ ᠢᠳᠡᠭᠡᠨ ᠤᠮᠳᠠᠭᠠᠨ ᠢ ᠨᠢ ᠬᠡᠮᠨᠡᠭᠰᠡᠨ ᠰᠠᠷᠮᠠᠭᠴᠢᠨ 26 ᠨᠠᠰᠤᠯᠠᠵᠦ᠂ ᠲᠤᠮᠳᠠᠴᠢ ᠨᠠᠰᠤ ᠠᠴᠠ 2 — 3 ᠨᠠᠰᠤ ᠢᠯᠡᠭᠦᠥ ᠠᠮᠢᠳᠤᠷᠠᠭᠰᠠᠨ ᠪᠦᠭᠡᠳ ᠦᠮᠠᠨ᠂ ᠰᠢᠬᠢᠷ ᠰᠢᠵᠢᠩ ᠡᠪᠡᠳᠴᠢᠨ ᠪᠤᠯᠤᠨ ᠵᠢᠷᠦᠭᠡᠨ ᠰᠤᠲᠠᠰᠤ ᠶᠢᠨ ᠡᠪᠡᠳᠴᠢᠨ ᠣᠯᠬᠤ ᠴᠠᠭ ᠢ ᠴᠦ ᠬᠤᠶᠢᠰᠢᠯᠠᠭᠤᠯᠤᠭᠰᠠᠨ ᠪᠠᠶᠢᠯ᠎ᠠ᠃ ᠢᠳᠡᠭᠡᠨ ᠤᠮᠳᠠᠭᠠᠨ ᠢ ᠨᠢ ᠬᠡᠮᠨᠡᠭᠰᠡᠨ ᠦᠭᠡᠢ ᠰᠠᠷᠮᠠᠭᠴᠢᠨ ᠤ ᠡᠪᠡᠳᠴᠢᠨ ᠤᠯᠬᠤ ᠨᠤᠷᠮ᠎ᠠ ᠪᠤᠯᠤᠨ ᠦᠬᠦᠯ ᠤᠨ ᠨᠤᠷᠮ᠎ᠠ ᠨᠢ ᠬᠠᠷᠢᠨ 3 ᠲᠠᠬᠢᠨ ᠳᠡᠭᠡᠭᠰᠢᠯᠡᠭᠰᠡᠨ ᠪᠠᠶᠢᠪᠠ᠃    ᠠᠮᠧᠷᠢᠺᠠ ᠶᠢᠨ ᠸᠢᠰᠺᠤᠨᠰᠢᠨ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠰᠠᠯᠪᠤᠷᠢ ᠶᠢᠨ ᠫᠷᠤᠹᠧᠰᠰᠤᠷ ᠠᠨᠳᠧᠰᠧᠨ ᠤ ᠬᠡᠯᠡᠬᠦ ᠪᠠᠷ᠂ ᠤᠬᠠᠭᠠᠨᠳᠤ ᠠᠮᠢᠲᠠᠨ ᠤ ᠬᠦᠭᠰᠢᠷᠡᠯ ᠢ ᠬᠢᠵᠠᠭᠠᠷᠯᠠᠵᠦ ᠪᠤᠯᠬᠤ ᠶᠤᠮ᠃ ᠢᠯᠴᠢ ᠪᠠᠭ᠎ᠠ  ᠲᠠᠢ ᠢᠳᠡᠭᠡᠨ ᠢᠳᠡᠬᠦ ᠨᠢ ᠢᠳᠡᠷ ᠨᠠᠰᠤᠨ ᠤ ᠪᠤᠶᠤ ᠬᠦᠭᠰᠢᠨ ᠤᠬᠠᠭᠠᠨᠳᠤ ᠠᠮᠢᠲᠠᠨ ᠳᠤ ᠠᠰᠢᠭᠲᠠᠢ ᠶᠤᠮ᠂ ᠢᠯᠴᠢ  ᠶᠢᠨ ᠬᠡᠮᠵᠢᠶ᠎ᠡ ᠶᠢ 30% ᠪᠠᠷ ᠪᠠᠭᠤᠷᠠᠭᠤᠯᠬᠤ ᠳᠤ ᠰᠢᠮ᠎ᠡ ᠲᠡᠵᠢᠭᠡᠯ ᠲᠤᠲᠠᠭᠳᠠᠬᠤ ᠦᠭᠡᠢ ᠶᠤᠮ᠃ ᠡᠷ᠎ᠡ ᠰᠠᠷᠮᠠᠭᠴᠢᠨ ᠲᠠᠢ ᠠᠳᠠᠯᠢᠳᠬᠠᠪᠠᠯ ᠡᠮ᠎ᠡ ᠰᠠᠷᠮᠠᠭᠴᠢᠨ ᠳᠤ ᠲᠠᠷᠭᠤ ᠮᠠᠷᠢᠶ᠎ᠠ ᠶᠢᠨ ᠨᠦᠯᠦᠭᠡ ᠨᠡᠩ ᠪᠠᠭ᠎ᠠ ᠪᠠᠶᠢᠳᠠᠭ᠃ ᠡᠨᠡᠬᠦ ᠤᠨᠤᠯ ᠨᠢ ᠬᠦᠮᠤᠨ ᠲᠦᠷᠦᠯᠬᠢᠲᠡᠨ ᠳᠤ ᠴᠦ ᠲᠤᠬᠢᠷᠠᠨ᠎ᠠ᠃ ᠠᠨᠳᠧᠰᠧᠨ ᠬᠡᠯᠡᠬᠦ ᠳᠡᠭᠡᠨ᠄ ︽ᠠᠮᠧᠷᠢᠺᠠ ᠶᠢᠨ ᠬᠦᠮᠤᠨ ᠲᠦᠷᠦᠯᠬᠢᠲᠡᠨ ᠤ ᠡᠮᠨᠡᠯᠭᠡ ᠳᠤ ᠬᠢᠭᠰᠡᠨ ᠲᠤᠷᠰᠢᠯᠲᠠ ᠭᠡᠷᠡᠴᠢᠯᠡᠭᠰᠡᠨ ᠢᠶᠠᠷ᠂ ᠢᠯᠴᠢ ᠪᠠᠭ᠎ᠠ ᠲᠠᠢ ᠢᠳᠡᠭᠡᠨ ᠤᠮᠳᠠᠭᠠᠨ ᠠᠴᠠ ᠬᠦᠮᠤᠨ ᠤ ᠪᠡᠶ᠎ᠡ ᠳᠤ ᠦᠭᠭᠦ ᠨᠦᠯᠦᠭᠡ ᠨᠢ ᠰᠠᠷᠮᠠᠭᠴᠢᠨ ᠲᠠᠢ ᠠᠳᠠᠯᠢ ᠪᠠᠶᠢᠨ᠎ᠠ ︾ ᠭᠡᠵᠡᠢ᠃    ᠠᠮᠧᠷᠢᠺᠠ ᠶᠢᠨ ︽ᠡᠷᠡᠭᠦᠯ ᠮᠡᠨᠳᠤ ︾ ᠰᠡᠳᠭᠦᠯ ᠪᠠᠰᠠ᠄ ᠭᠷᠧᠭ᠂ ᠢᠲ᠋ᠠᠯᠢ᠂ ᠶᠠᠫᠤᠨ᠂ ᠺᠤᠰᠲ᠋ᠠ᠂ ᠠᠮᠧᠷᠢᠺᠠ  ᠶᠢᠨ ᠺᠠᠯᠢᠹᠤᠷᠨᠢᠶ᠎ᠠ ᠵᠸᠤ ᠵᠡᠷᠭᠡ ᠤᠷᠳᠤ ᠨᠠᠰᠤᠳᠤ ᠤᠯᠤᠰ ᠪᠤᠯᠤᠨ ᠭᠠᠵᠠᠷ ᠤᠷᠤᠨ ᠤ ᠬᠦᠮᠤᠰ ᠨᠡᠶᠢᠲᠡᠮ ᠳᠡᠭᠡᠨ ᠪᠠᠭ᠎ᠠ ᠢᠳᠡᠵᠦ᠂ ᠪᠤᠰᠤᠳ ᠭᠠᠵᠠᠷ ᠤᠨ ᠬᠢ ᠠᠴᠠ 20% ᠪᠠᠷ ᠲᠤᠲᠠᠭᠤ ᠢᠳᠡᠳᠡᠭ ᠭᠡᠵᠦ ᠬᠡᠯᠡᠵᠦ ᠦᠩᠭᠡᠷᠡᠭᠰᠡᠨ ᠪᠠᠶᠢᠯ᠎ᠠ᠃     ᠪᠡᠭᠡᠵᠢᠩ ᠤᠨ ᠨᠠᠰᠤᠲᠠᠶᠢᠴᠤᠳ ᠤᠨ ᠠᠨᠠᠭᠠᠬᠤ ᠤᠬᠠᠭᠠᠨ ᠤ ᠰᠤᠳᠤᠯᠭᠠᠨ ᠤ ᠭᠠᠵᠠᠷ ᠤᠨ ᠳᠠᠷᠤᠭ᠎ᠠ ᠪᠠᠶᠢᠭᠰᠠᠨ ᠭᠤᠤ ᠹᠠᠩ ᠺᠦᠨ ᠬᠡᠯᠡᠬᠦ ᠳᠡᠭᠡᠨ᠄ ᠬᠤᠳᠤᠭᠠᠳᠤ ᠴᠢᠨᠢ ᠠᠷᠠᠢ ᠲᠦᠭᠦᠷᠡᠭᠡᠳᠤᠢ ᠪᠤᠯᠪᠠᠴᠤ ᠢᠳᠡᠬᠦ ᠲᠤᠷ᠎ᠠ ᠳᠠᠷᠤᠭᠳᠠᠭᠰᠠᠨ ᠦᠶ᠎ᠡ ᠳᠤ ᠰᠠᠪᠬ᠎ᠠ ᠪᠠᠨ ᠲᠠᠯᠪᠢᠪᠠᠯ ᠵᠤᠬᠢᠨ᠎ᠠ᠃ ᠦᠯᠦᠰᠬᠦ ᠦᠶ᠎ᠡ ᠳᠡᠭᠡᠨ ᠢᠳᠡᠬᠦ ᠪᠦᠭᠡᠳ ᠲᠤᠭᠲᠠᠭᠰᠠᠨ ᠡᠷᠡᠨ ᠳᠤ ᠢᠳᠡᠪᠡᠯ ᠰᠠᠶᠢᠨ᠃ ᠬᠤᠭᠤᠯᠠ ᠢᠳᠡᠬᠦ ᠳᠡᠭᠡᠨ ᠰᠠᠶᠢᠨ ᠵᠠᠵᠢᠯᠠᠵᠦ᠂ ᠨᠢᠭᠡ ᠡᠮᠬᠦ ᠬᠤᠭᠤᠯᠠ  ᠶᠢ 15 — 20 ᠤᠳᠠᠭ᠎ᠠ ᠵᠠᠵᠢᠯᠠᠪᠠᠯ ᠵᠤᠬᠢᠨ᠎ᠠ ᠭᠡᠪᠡ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号