ᠨᠠᠢᠮᠠᠨ ᠵᠦᠢᠯ ᠤᠨ ᠠᠮᠢᠳᠤᠷᠠᠯ ᠤᠨ ᠬᠡᠷᠡᠭᠰᠡᠯ ᠬᠤᠣᠷ ᠲᠠᠢ ᠪᠠᠶᠢᠳᠠᠭ ᠢ ᠲᠠ ᠮᠡᠳᠡᠬᠦ ᠦᠭᠡᠢ ᠮᠠᠭᠠᠳ
ᠨᠡᠶᠢᠲᠡᠯᠡᠭᠰᠡᠨ ᠴᠠᠭ᠄
2018-06-27
    ᠠᠮᠢᠳᠤᠷᠠᠯ ᠳᠤᠮᠳᠠ᠂ ᠦᠨᠡᠨᠳᠡᠭᠡᠨ ᠵᠠᠷᠢᠮ ᠡᠳ᠋ ᠶᠠᠭᠤᠮ᠎ᠠ᠂ ᠵᠢᠱᠢᠶᠡᠯᠡᠬᠦ ᠳᠤ᠂ ᠵᠠᠷᠢᠮ ᠬᠡᠷᠡᠭᠰᠡᠯ ᠪᠤᠶᠤ ᠤᠳᠠᠭᠠᠨ ᠬᠡᠷᠡᠭᠯᠡᠭᠰᠡᠨ ᠶᠠᠭᠤᠮ᠎ᠠ ᠪᠢᠳᠡᠨ ᠤ ᠡᠷᠡᠭᠦᠯ ᠮᠡᠨᠳᠦ ᠳᠤ ᠰᠦᠷᠳᠡᠭᠦᠯᠦᠯ ᠪᠣᠯᠳᠠᠭ᠃ ᠲᠡᠶᠢᠨᠬᠦ᠂ ᠪᠢᠳᠡ ᠡᠷᠡᠭᠦᠯ ᠮᠡᠨᠳᠦ ᠪᠠᠨ ᠬᠠᠮᠠᠭᠠᠯᠠᠬᠤ ᠶᠢᠨ ᠡᠭᠦᠳᠡᠨ ᠠᠴᠠ ᠠᠮᠢᠳᠤᠷᠠᠯ ᠳᠤᠮᠳᠠᠬᠢ ᠶᠠᠮᠠᠷ ᠪᠠᠶᠢᠩᠭᠤ ᠶᠢᠨ ᠬᠡᠷᠡᠭᠰᠡᠯ ᠪᠡᠶ᠎ᠡ ᠮᠠᠬᠠᠪᠤᠳ ᠲᠤ ᠬᠤᠣᠷ ᠲᠠᠢ ᠶᠢ ᠣᠶᠢᠯᠠᠭᠠᠬᠤ ᠴᠢᠬᠤᠯᠠᠲᠠᠢ ᠶᠤᠮ᠃    1   ᠯᠣᠩᠬᠤ ᠲᠠᠢ ᠤᠰᠤ᠄ ᠯᠣᠩᠬᠤ ᠲᠠᠢ ᠤᠰᠤ ᠠᠶᠢᠯ ᠪᠣᠯᠭᠠᠨ ᠳᠤ ᠪᠦᠷ ᠪᠠᠶᠢᠳᠠᠭ᠃ ᠯᠣᠩᠬᠤ ᠲᠠᠢ ᠤᠰᠤ ᠡᠷᠡᠭᠦᠯ ᠮᠡᠨᠳᠦ ᠳᠤ ᠠᠰᠢᠭ ᠦᠭᠡᠢ ᠭᠡᠳᠡᠭ ᠨᠢ ᠬᠡᠳᠦ᠋ᠢᠨ ᠨᠢᠭᠤᠴᠠ ᠪᠢᠰᠢ ᠪᠣᠯᠣᠭᠰᠠᠨ᠃ ᠭᠡᠬᠦ ᠳᠤ᠂ ᠬᠦᠮᠦᠰ ᠭᠠᠳᠠᠭᠰᠢ ᠭᠠᠷᠬᠤ ᠳᠠᠭᠠᠨ ᠶᠡᠷᠦᠳᠡᠭᠡᠨ ᠬᠡᠳᠦᠨ ᠯᠣᠩᠬᠤ ᠤᠰᠤ ᠠᠪᠴᠦ ᠶᠠᠪᠤᠬᠤ ᠵᠠᠩᠰᠢᠯ ᠲᠠᠢ ᠪᠠᠶᠢᠳᠠᠭ᠃    2   ᠯᠠᠵᠠᠲᠠᠢ ᠢᠳᠡᠭᠡᠨ᠄ ᠯᠠᠵᠠᠲᠠᠢ ᠢᠳᠡᠭᠡᠨ ᠤ ᠪᠠᠭᠯᠠᠭᠠᠨ ᠳᠡᠭᠡᠷ᠎ᠡ ᠬᠤᠶᠠᠷ ᠹᠧᠨᠣᠯᠲᠤ A ᠶᠢᠨ ᠴᠠᠭᠠᠷᠢᠭ ᠬᠦᠴᠢᠯᠲᠦᠷᠥᠭᠴᠢᠲᠦ ᠳᠠᠪᠠᠷᠠᠬᠠᠢ ᠲᠦᠷᠬᠢᠭᠰᠡᠨ ᠪᠠᠶᠢᠳᠠᠭ᠃ ᠡᠶᠢᠮᠦ ᠬᠢᠮᠢ ᠶᠢᠨ ᠪᠣᠳᠠᠰ ᠬᠤᠷᠮᠤᠨ ᠤ ᠱᠦᠭᠦᠷᠡᠯᠲᠡ ᠰᠠᠮᠠᠭᠤᠷᠠᠬᠤ᠂ ᠮᠠᠷᠢᠶᠠᠯᠠᠬᠤ᠂ ᠵᠢᠷᠦᠬᠡᠨ ᠡᠪᠡᠳᠴᠢᠨ ᠵᠡᠷᠭᠡ ᠲᠠᠢ ᠬᠠᠮᠢᠶ᠎ᠠ ᠲᠠᠢ᠃ ᠲᠡᠶᠢᠨᠬᠦ᠂ ᠬᠠᠮᠤᠭ ᠤᠨ ᠰᠢᠨ᠎ᠡ ᠰᠣᠷᠭᠤᠭ ᠢᠶᠠᠷ ᠨᠢ ᠢᠳᠡᠬᠦ ᠪᠤᠶᠤ ᠬᠥᠯᠳᠡᠭᠡᠵᠦ ᠡᠰᠡᠬᠦᠯ᠎ᠡ ᠰᠢᠯ ᠰᠠᠪᠠ ᠲᠠᠢ ᠶᠢ ᠨᠢ ᠢᠳᠡᠨ᠎ᠡ᠃    3   ᠠᠭᠠᠷ ᠴᠡᠪᠡᠷᠰᠢᠭᠦᠯᠦᠭᠴᠢ᠄ ᠲᠠ ᠨᠡᠭᠡᠷᠡᠨ ᠠᠭᠠᠷ ᠴᠡᠪᠡᠷᠰᠢᠭᠦᠯᠦᠭᠴᠢ ᠰᠦᠷᠴᠢᠴᠢᠬᠡᠪᠡᠯ ᠠᠭᠠᠷ ᠴᠡᠪᠡᠷᠬᠡᠨ ᠪᠣᠯᠴᠢᠬᠠᠨ᠎ᠠ ᠭᠡᠵᠦ ᠰᠠᠨᠠᠳᠠᠭ ᠤᠤ ︖ ᠲᠡᠷᠡ ᠨᠢ ᠠᠭᠠᠷ ᠲᠠᠬᠢ ᠡᠪ ᠦᠭᠡᠢ ᠦᠨᠦᠷ ᠲᠠᠨᠤᠷ ᠢ ᠤᠭ ᠦᠨᠳᠦᠰᠦᠨ ᠠᠴᠠ ᠨᠢ ᠠᠷᠢᠯᠭᠠᠵᠤ ᠴᠢᠳᠠᠬᠤ ᠦᠭᠡᠢ ᠮᠦᠷᠲᠡᠭᠡᠨ ᠰᠦᠷᠴᠢᠭᠳᠡᠭᠰᠡᠨ ᠬᠢᠮᠢ ᠶᠢᠨ ᠪᠢᠴᠢᠯ ᠮᠥᠬᠦᠯᠢᠭ  ᠤᠳ ᠨᠢ ᠪᠠᠰᠠ ᠬᠦᠮᠦᠨ ᠤ ᠠᠭᠤᠰᠭᠢᠨ ᠳᠤ ᠠᠮᠠᠷᠬᠠᠨ ᠰᠣᠷᠣᠭᠳᠠᠨ ᠣᠷᠣᠳᠠᠭ᠃    4   ᠬᠤᠷᠣᠬᠠᠢ ᠠᠯᠠᠬᠤ ᠡᠳ᠋᠄ ᠲᠠᠷᠢᠶᠠᠨ ᠡᠮ ᠤᠨ ᠦᠯᠡᠳᠡᠭᠳᠡᠯ ᠳᠠᠬᠢ ᠬᠤᠣᠷᠲᠤ ᠪᠦᠷᠢᠯᠳᠦᠭᠦᠨ ᠠᠭᠠᠷ ᠢ ᠪᠤᠬᠢᠷᠲᠤᠭᠤᠯᠳᠠᠭ ᠮᠦᠷᠲᠡᠭᠡᠨ ᠪᠠᠰᠠ ᠱᠠᠬᠠᠢ ᠭᠤᠲᠤᠯ ᠢ ᠲᠠᠭᠠᠨ ᠬᠡᠪᠢᠰᠦᠨ ᠳᠡᠭᠡᠷ᠎ᠡ ᠬᠦᠷᠴᠦ ᠬᠦᠮᠦᠨ ᠤ ᠡᠷᠡᠭᠦᠯ ‍ᠡᠨᠳᠦ ᠳᠤ ᠳᠠᠯᠳᠠ ᠠᠷᠬᠠᠭ ᠲᠠᠷᠢᠳᠠᠭ᠃    5   ᠰᠢᠬᠢᠷ ᠪᠠᠭᠠᠲᠠᠢ ᠬᠡᠶᠢᠲᠦ ᠤᠮᠳᠠᠭᠠᠨ᠄ ᠳᠣᠲᠣᠷᠠᠬᠢ ᠠᠮᠲᠠ ᠣᠷᠣᠭᠤᠯᠤᠭᠴᠢ ᠨᠢ ᠬᠤᠳᠣᠭᠤᠳᠣ ᠭᠡᠳᠡᠰᠦᠨ ᠤ ᠰᠢᠨ᠎ᠡ ᠬᠠᠭᠤᠴᠢᠨ ᠤ ᠰᠣᠯᠢᠯᠴᠠᠭᠠᠨ ᠳᠤ ᠮᠠᠭᠤ ᠨᠥᠯᠦᠭᠡ ᠪᠣᠯᠳᠠᠭ ᠠᠴᠠ ᠰᠢᠩᠭᠡᠭᠡᠯᠲᠡ ᠳᠤ ᠠᠰᠢᠭ ᠦᠭᠡᠢ ᠮᠦᠷᠲᠡᠭᠡᠨ ᠶᠠᠷᠢᠶᠠᠨ ᠦᠭᠡᠢ ᠮᠠᠷᠢᠶ᠎ᠠ ᠰᠢᠭᠤᠷᠠᠭᠤᠯᠬᠤ ᠳᠤ ᠴᠦ ᠲᠤᠰᠠ ᠦᠭᠡᠢ᠃    6   ᠪᠠᠺᠲ᠋ᠧᠷᠢ ᠡᠰᠡᠷᠭᠦᠴᠡᠬᠦ ᠰᠠᠪᠤᠡᠭ᠄ ᠪᠠᠺᠲ᠋ᠧᠷᠢ ᠤᠰᠠᠳᠬᠠᠬᠤ ᠲᠠᠢ ᠠᠳᠠᠯᠢᠳᠬᠠᠪᠠᠯ᠂ ᠪᠠᠺᠲ᠋ᠧᠷᠢ ᠡᠰᠡᠷᠭᠦᠴᠡᠬᠦ ᠰᠠᠪᠤᠡᠭ ᠡᠷᠡᠭᠦᠯ ᠮᠡᠨᠳᠦ ᠳᠤ ᠠᠰᠢᠭ ᠲᠠᠢ ᠵᠠᠷᠢᠮ ᠶᠠᠭᠤᠮ᠎ᠠ ᠶᠢ ᠨᠡᠩ ᠬᠢᠯᠪᠠᠷᠬᠠᠨ ᠤᠰᠠᠳᠬᠠᠳᠠᠭ᠃ ᠡᠭᠦᠨ ᠢᠶᠠᠷ ᠪᠠᠷᠠᠬᠤ ᠦᠭᠡᠢ᠂ ᠲᠡᠭᠦᠨ ᠳᠠᠬᠢ ᠬᠢᠮᠢ ᠶᠢᠨ ᠪᠣᠳᠠᠰ ᠨᠢᠶᠠᠨ ᠳᠠᠷᠤᠭᠴᠢ ᠶᠢ ᠦᠢᠯᠡᠳᠦᠯ ᠦᠭᠡᠢ ᠪᠣᠯᠭᠠᠳᠠᠭ᠃    7   ᠤᠷᠠᠭᠳᠠᠭᠰᠠᠨ ᠤᠷᠤᠯᠳᠤᠭᠠᠨ ᠤ ᠱᠠᠬᠠᠢ᠄ ᠨᠢᠭᠡ ᠵᠦᠢᠷᠡᠢ ᠤᠷᠤᠯᠳᠤᠭᠠᠨ ᠤ ᠱᠠᠬᠠᠢ ᠶᠢ 300-400 ᠠᠩᠭ᠍ᠯᠢ ᠭᠠᠵᠠᠷ ᠭᠦᠶᠦᠬᠦ ᠳᠤ ᠡᠮᠦᠰᠦᠭᠰᠡᠨ ᠤ ᠪᠠᠨ ᠳᠠᠷᠠᠭ᠎ᠠ ᠪᠠᠷᠢᠨ ᠬᠠᠶᠠᠪᠠᠯ ᠵᠣᠬᠢᠨ᠎ᠠ᠃ ᠬᠠᠭᠤᠴᠢᠷᠠᠭᠰᠠᠨ ᠤᠷᠤᠯᠳᠤᠭᠠᠨ ᠤ ᠱᠠᠬᠠᠢ ᠬᠦᠮᠦᠨ ᠤ ᠪᠣᠯᠴᠢᠩ ᠮᠢᠬ᠎ᠠ᠂ ᠠᠷᠤᠭ ᠶᠠᠰᠤ ᠪᠣᠯᠤᠨ ᠰᠢᠨᠳᠠᠰᠤ ᠰᠢᠷᠪᠦᠰᠦ ᠵᠡᠷᠭᠡ ᠳᠤ ᠪᠦᠷ ᠠᠰᠢᠭ ᠦᠭᠡᠢ ᠦᠢᠯᠡᠳᠦᠯ ᠲᠠᠢ ᠮᠦᠷᠲᠡᠭᠡᠨ ᠰᠢᠷᠬᠠᠲᠤᠵᠤ ᠭᠡᠮᠲᠦᠬᠦ ᠠᠶᠤᠯ ᠢ ᠨᠡᠮᠡᠭᠳᠡᠭᠦᠯᠳᠡᠭ᠃    8   ᠰᠦᠯᠢᠶᠥᠦ ᠠᠮᠪᠠᠨ ︵ᠰᠦᠯᠢᠶᠥᠦ ᠲᠦᠰᠢ ᠬᠠᠪᠲᠠᠰᠤ ︶᠄ ᠰᠦᠯᠢᠶᠥᠦ ᠠᠮᠪᠠᠨ ᠬᠡᠷᠡᠭᠯᠡᠪᠡᠯ ᠨᠢᠭᠤᠷᠣᠨ ᠲᠠᠯ᠎ᠠ ᠳᠤᠨᠢ ᠬᠢᠲᠤᠭ᠎ᠠ ᠪᠣᠣᠳᠣᠣ ᠶᠢᠨ ᠬᠡᠷᠴᠢᠭᠡᠰᠦ ᠭᠠᠷᠳᠠᠭ ᠠᠴᠠ ᠡᠳᠡᠭᠡᠷ ᠭᠡᠷᠴᠢᠭᠡᠰᠦᠨ ᠳᠤ ᠨᠢᠳᠦᠨ ᠳᠤ ᠦᠵᠡᠭᠳᠡᠬᠦ ᠦᠭᠡᠢ ᠢᠳᠡᠭᠡᠨ ᠤ ᠬᠡᠮᠬᠡᠳᠡᠭ ᠬᠤᠷᠠᠮᠳᠤᠪᠠᠯ ᠳᠤᠲᠤᠷ᠎ᠠ ᠨᠢ ᠪᠠᠺᠲ᠋ᠧᠷᠢ ᠦᠷᠡᠵᠢᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号