ᠬᠠᠪᠤᠷ ᠤᠨ ᠤᠯᠠᠷᠢᠯ ᠤᠨ ᠠᠭᠠᠷ ᠤᠨ ᠳᠤᠯᠠᠭᠠᠨ ᠠᠭᠠᠵᠢᠮ ᠢᠶᠠᠷ ᠳᠡᠭᠡᠭᠰᠢᠯᠡᠵᠦ᠂ ᠴᠤᠷᠪᠠᠭ᠎ᠠ ᠪᠤᠶᠢᠵᠢᠭᠤᠯᠬᠤ | ᠬᠥᠭᠵᠢᠯᠲᠡᠢ ᠤᠯᠠᠷᠢᠯ ᠪᠣᠯᠬᠤ ᠲᠤᠯᠠ ᠴᠤᠷᠪᠠᠭ᠎ᠠ ᠶᠢᠨ ᠠᠮᠢᠳᠤᠷᠠᠬᠤ ᠨᠣᠷᠮ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ | ᠴᠤᠷᠪᠠᠭ᠎ᠠ ᠪᠤᠶᠢᠵᠢᠭᠤᠯᠬᠤ ᠵᠢᠷᠭᠤᠭᠠᠨ ᠵᠠᠩᠭᠢᠯᠠᠭ᠎ᠠ ᠶᠢ ᠴᠢᠩᠭ᠎ᠠ ᠠᠳᠬᠤᠬᠤ ᠬᠡᠷᠡᠭᠲᠡᠢ᠃ | ᠨᠢᠭᠡ᠂ ᠠᠷᠢᠭᠤᠳᠬᠠᠬᠤ᠃ ᠤᠷᠢᠳ ᠢᠶᠠᠷ ᠲᠠᠬᠢᠶᠠᠨ ᠤ ᠡᠭᠦᠷ ᠢ ᠲᠦᠢᠯᠪᠤᠷᠢᠲᠠᠢ ᠤᠬᠢᠶᠠᠵᠤ ᠴᠡᠪᠡᠷᠯᠡᠭᠰᠡᠨ ᠤ | ᠳᠠᠷᠠᠭ᠎ᠠ ᠹᠤᠷᠮᠠᠯᠢᠨ ︵ᠮᠧᠲ᠋ᠢᠯ ᠠᠯᠳᠧᠭᠢᠳ᠋ ︶ ᠪᠣᠯᠣᠨ ᠳᠡᠭᠡᠳᠦ ᠮᠠᠩᠭᠠᠨ ᠬᠦᠴᠢᠯ ᠤᠨ ᠺᠠᠯᠢ ᠪᠠᠷ ᠰᠦᠷᠴᠢᠨ | ᠠᠷᠢᠭᠤᠳᠬᠠᠨ᠂ ᠡᠭᠦᠳᠡ ᠴᠣᠩᠬᠤ ᠶᠢ ᠨᠢ 12 ᠴᠠᠭ ᠠᠴᠠ 24 ᠴᠠᠭ ᠴᠢᠩᠭ᠎ᠠ ᠬᠠᠭᠠᠭᠰᠠᠨ ᠤ ᠳᠠᠷᠠᠭ᠎ᠠ᠂ ᠡᠭᠦᠳᠡ | ᠴᠣᠩᠬᠤ ᠪᠠᠨ ᠨᠡᠭᠡᠭᠡᠵᠦ ᠰᠠᠯᠬᠢ ᠠᠭᠠᠷ ᠨᠡᠪᠲᠡᠷᠡᠭᠦᠯᠦᠨ᠎ᠡ᠃ ᠪᠤᠢ ᠪᠦᠬᠦᠢ ᠬᠡᠷᠡᠭᠰᠡᠯ ᠢ 2‰ ᠶᠢᠨ ᠳᠡᠭᠡᠳᠦ ᠮᠠᠩᠭᠠᠨ | ᠬᠦᠴᠢᠯ ᠤᠨ ᠺᠠᠯᠢ ᠶᠢᠨ ᠠᠭᠤᠰᠤᠮᠠᠯ ᠢᠶᠠᠷ ᠤᠬᠢᠶᠠᠨ ᠠᠷᠢᠭᠤᠳᠬᠠᠨ᠎ᠠ᠃ | ᠡᠳᠡᠭᠡᠷ ᠠᠵᠢᠯ ᠢ ᠬᠢᠵᠦ ᠪᠠᠷᠠᠭᠰᠠᠨ ᠤ ᠳᠠᠷᠠᠭ᠎ᠠ ᠰᠠᠶ᠋ᠢ ᠨᠡᠪᠴᠢᠵᠦ ᠭᠠᠷᠤᠭᠰᠠᠨ ᠴᠤᠷᠪᠠᠭ᠎ᠠ ᠶᠢ ᠡᠭᠦᠷ ᠲᠤ ᠨᠢ | ᠣᠷᠣᠭᠤᠯᠵᠤ ᠪᠣᠯᠣᠨ᠎ᠠ᠃ | ᠬᠤᠶᠠᠷ᠂ ᠠᠩᠬ᠎ᠠ ᠲᠡᠵᠢᠭᠡᠬᠦ᠃ ᠴᠤᠷᠪᠠᠭ᠎ᠠ ᠨᠡᠪᠴᠢᠵᠦ ᠭᠠᠷᠤᠭᠰᠠᠨ ᠤ ᠳᠠᠷᠠᠭ᠎ᠠ 24 ᠴᠠᠭ ᠠᠴᠠ ᠪᠠᠨ 36 | ᠴᠠᠭ ᠤᠨ ᠳᠠᠷᠠᠭ᠎ᠠ ᠰᠠᠶ᠋ᠢ ᠡᠬᠢᠯᠡᠵᠦ ᠢᠳᠡᠳᠡᠭ᠃ ᠡᠬᠢᠯᠡᠵᠦ ᠢᠳᠡᠬᠦ ᠲᠡᠵᠢᠭᠡᠯ ᠪᠣᠷᠳᠤᠭ᠎ᠠ ᠨᠢ ᠰᠢᠨ᠎ᠡ ᠰᠣᠷᠭᠤᠭ | ᠪᠠᠶᠢᠬᠤ ᠶᠢ ᠱᠠᠭᠠᠷᠳᠠᠨ᠎ᠠ᠂ ᠮᠥᠬᠦᠯᠢᠭ ᠤᠨ ᠶᠡᠭᠡ ᠪᠠᠭ᠎ᠠ ᠨᠢ ᠲᠣᠬᠢᠷᠠᠮᠵᠢᠲᠠᠢ᠂ ᠴᠤᠷᠪᠠᠭ᠎ᠠ ᠲᠣᠩᠰᠢᠬᠤ ᠳᠤ ᠠᠮᠠᠷᠬᠠᠨ᠂ | ᠰᠢᠮ᠎ᠡ ᠲᠡᠵᠢᠭᠡᠯ ᠡᠯᠪᠡᠭ᠂ ᠰᠢᠩᠭᠡᠭᠡᠬᠦ ᠳᠤ ᠠᠮᠠᠷᠬᠠᠨ᠂ ᠦᠷᠭᠦᠯᠵᠢ ᠬᠡᠷᠡᠭᠯᠡᠳᠡᠭ ᠡᠷᠳᠡᠨᠢ ᠰᠢᠰᠢ᠂ ᠨᠠᠷᠢᠮᠤ᠂ | ᠪᠤᠳᠠᠭᠠᠨ ᠤ ᠬᠡᠮᠬᠡᠳᠡᠭ᠂ ᠪᠤᠭᠤᠳᠠᠢ ᠶᠢᠨ ᠬᠡᠮᠬᠡᠳᠡᠭ ᠵᠡᠷᠭᠡ ᠪᠣᠢ᠃ ᠠᠩᠬ᠎ᠠ ᠲᠡᠵᠢᠭᠡᠬᠦ ᠲᠡᠵᠢᠭᠡᠯ ᠢ ᠴᠢᠨᠠᠭᠠᠳ ᠨᠠᠢᠮᠠᠨ | ᠬᠤᠪᠢ ᠪᠣᠯᠣᠭᠰᠠᠨ ᠤ ᠬᠤᠶᠢᠨ᠎ᠠ ᠲᠡᠵᠢᠭᠡᠨ᠎ᠡ᠂ ᠡᠨᠡ ᠨᠢ ᠴᠤᠷᠪᠠᠭ᠎ᠠ ᠶᠢᠨ ᠰᠢᠩᠭᠡᠭᠡᠯᠲᠡ ᠳᠤ ᠠᠰᠢᠭᠲᠠᠢ ᠪᠠᠶᠢᠳᠠᠭ᠃ | ᠡᠳᠦᠷ ᠲᠤ 5 ᠠᠴᠠ 7 ᠤᠳᠠᠭ᠎ᠠ ᠲᠡᠵᠢᠭᠡᠵᠦ᠂ ᠠᠩᠬ᠎ᠠ ᠲᠡᠵᠢᠭᠡᠬᠦ ᠲᠡᠵᠢᠭᠡᠯ ᠢ 2 ᠠᠴᠠ 3 ᠡᠳᠦᠷ ᠲᠡᠵᠢᠭᠡᠭᠰᠡᠨ ᠤ | ᠳᠠᠷᠠᠭ᠎ᠠ ᠠᠭᠠᠵᠢᠮ ᠢᠶᠠᠷ ᠴᠤᠷᠪᠠᠭ᠎ᠠ ᠶᠢᠨ ᠬᠤᠯᠢᠮᠠᠭ ᠲᠡᠵᠢᠭᠡᠯ ᠪᠣᠷᠳᠤᠭ᠎ᠠ ᠪᠠᠷ ᠬᠡᠪ ᠤᠨ ᠪᠠᠶᠢᠳᠠᠯ ᠢᠶᠠᠷ ᠲᠡᠵᠢᠭᠡᠵᠦ᠂ | ᠡᠳᠦᠷ ᠲᠤ 4 ᠠᠴᠠ 5 ᠤᠳᠠᠭ᠎ᠠ ᠲᠡᠵᠢᠭᠡᠨ᠎ᠡ᠃ | ᠭᠤᠷᠪᠠ᠂ ᠳᠤᠯᠠᠭᠠᠨ ᠤ ᠬᠡᠮᠵᠢᠶ᠎ᠡ᠃ ᠴᠤᠷᠪᠠᠭ᠎ᠠ ᠶᠢ ᠠᠩᠬ᠎ᠠ ᠡᠭᠦᠷ ᠲᠤ ᠨᠢ ᠣᠷᠣᠭᠤᠯᠬᠤ ᠳᠤ ᠤᠷᠢᠳ ᠢᠶᠠᠷ | ᠡᠭᠦᠷ ᠢ ᠨᠢ ᠪᠦᠯᠢᠶᠡᠰᠬᠡᠵᠦ᠂ ᠴᠤᠷᠪᠠᠭ᠎ᠠ ᠪᠤᠶᠢᠵᠢᠭᠤᠯᠬᠤ ᠳᠤᠯᠠᠭᠠᠨ ᠤ ᠱᠠᠭᠠᠷᠳᠠᠯᠭ᠎ᠠ ᠳᠤ ᠬᠦᠷᠭᠡᠨ᠎ᠡ᠃ ᠨᠢᠭᠡ | ᠭᠠᠷᠠᠭ ᠤᠨ ᠬᠤᠭᠤᠴᠠᠭᠠᠨ ᠳᠤ ᠴᠤᠷᠪᠠᠭ᠎ᠠ ᠶᠢᠨ ᠡᠭᠦᠷ ᠤᠨ ᠳᠤᠯᠠᠭᠠᠨ ᠤ ᠬᠡᠮᠵᠢᠶ᠎ᠡ ᠶᠢ 30℃ — 32℃ | ᠪᠠᠶᠢᠯᠭᠠᠵᠤ᠂ ᠰᠡᠭᠦᠯᠡᠷ ᠨᠢ ᠭᠠᠷᠠᠭ ᠪᠦᠷᠢ 2℃ — 3℃ ᠪᠠᠭᠤᠷᠠᠭᠤᠯᠵᠤ᠂ ᠡᠭᠦᠷ ᠤᠨ ᠳᠤᠯᠠᠭᠠᠨ ᠤ | ᠬᠡᠮᠵᠢᠶ᠎ᠡ ᠶᠢ 21℃ ᠪᠣᠯᠲᠠᠯ᠎ᠠ ᠪᠠᠭᠤᠷᠠᠭᠤᠯᠵᠤ᠂ ᠡᠨᠡ ᠬᠦ ᠳᠤᠯᠠᠭᠠᠨ ᠤ ᠬᠡᠮᠵᠢᠶ᠎ᠡ ᠶᠢ ᠴᠤᠷᠪᠠᠭ᠎ᠠ ᠪᠠᠨ ᠪᠤᠶᠢᠵᠢᠭᠤᠯᠵᠤ | ᠳᠠᠭᠤᠰᠲᠠᠯ᠎ᠠ ᠪᠠᠷᠢᠮᠲᠠᠯᠠᠨ᠎ᠠ᠃ ᠴᠤᠷᠪᠠᠭ᠎ᠠ ᠪᠤᠶᠢᠵᠢᠭᠤᠯᠬᠤ ᠳᠤᠯᠠᠭᠠᠨ ᠤ ᠬᠡᠮᠵᠢᠶ᠎ᠡ ᠨᠢ ᠲᠣᠬᠢᠷᠠᠮᠵᠢᠲᠠᠢ ᠡᠰᠡᠬᠦ ᠶᠢ | ᠴᠤᠷᠪᠠᠭ᠎ᠠ ᠶᠢᠨ ᠢᠯᠡᠷᠡᠯ ᠢ ᠠᠵᠢᠭᠯᠠᠬᠤ ᠪᠠᠷ ᠳᠡᠮᠵᠢᠨ ᠡᠵᠡᠮᠰᠢᠵᠦ ᠪᠣᠯᠣᠨ᠎ᠠ᠃ | ᠳᠥᠷᠪᠡ᠂ ᠨᠢᠭᠲᠠᠴᠠ᠃ ᠡᠩ ᠤᠨ ᠪᠠᠶᠢᠳᠠᠯ ᠳᠤ ᠴᠤᠷᠪᠠᠭ᠎ᠠ ᠲᠡᠵᠢᠭᠡᠬᠦ ᠵᠣᠬᠢᠰᠲᠠᠢ ᠨᠢᠭᠲᠠᠴᠠ ᠨᠢ᠄ 0 | ᠭᠠᠷᠠᠭ ᠠᠴᠠ 4 ᠭᠠᠷᠠᠭ᠂ 20 ᠠᠴᠠ 25 ᠴᠤᠷᠪᠠᠭ᠎ᠠ \ ᠲᠡᠭᠰᠢ ᠳᠥᠷᠪᠡᠯᠵᠢᠨ ᠮᠧᠲᠷ ︔ 5 ᠭᠠᠷᠠᠭ ᠠᠴᠠ 7 | ᠭᠠᠷᠠᠭ᠂ 10 ᠠᠴᠠ 20 ᠴᠤᠷᠪᠠᠭ᠎ᠠ \ ᠬᠠᠪᠲᠠᠭᠠᠢ ᠳᠥᠷᠪᠡᠯᠵᠢᠨ ᠮᠧᠲᠷ᠃ ᠲᠣᠣᠷ ᠳᠡᠭᠡᠷ᠎ᠡ ᠴᠤᠷᠪᠠᠭ᠎ᠠ | ᠪᠤᠶᠢᠵᠢᠭᠤᠯᠬᠤ ᠶᠢᠨ ᠵᠣᠬᠢᠰᠲᠠᠢ ᠨᠢᠭᠲᠠᠴᠠ ᠨᠢ᠄ 0 ᠭᠠᠷᠠᠭ ᠠᠴᠠ 4 ᠭᠠᠷᠠᠭ᠂ 24 ᠠᠴᠠ 28 ᠴᠤᠷᠪᠠᠭ᠎ᠠ / | ᠲᠡᠭᠰᠢ ᠳᠥᠷᠪᠡᠯᠵᠢᠨ ᠮᠧᠲᠷ ︔ 5 ᠭᠠᠷᠠᠭ ᠠᠴᠠ 7 ᠭᠠᠷᠠᠭ᠂ 15 ᠠᠴᠠ 20 ᠬᠠᠪᠲᠠᠭᠠᠢ ᠳᠥᠷᠪᠡᠯᠵᠢᠨ ᠮᠧᠲᠷ᠃ | | ᠲᠠᠪᠤ᠂ ᠭᠡᠷᠡᠯ ᠤᠨ ᠳᠤᠰᠤᠯᠳᠠ᠃ ᠵᠦᠢ ᠵᠣᠬᠢᠰᠲᠠᠢ ᠭᠡᠷᠡᠯ ᠤᠨ ᠲᠤᠰᠤᠯᠲᠠ ᠶᠢᠨ ᠴᠠᠭ ᠨᠢ᠄ 0 ᠭᠠᠷᠠᠭ ᠠᠴᠠ | 3 ᠭᠠᠷᠠᠭ 24 ᠴᠠᠭ ᠤᠨ ᠭᠡᠷᠡᠯ ᠤᠨ ᠲᠤᠰᠤᠯᠲᠠ ᠶᠢ ᠬᠡᠷᠡᠭᠯᠡᠨ᠎ᠡ᠂ 4 ᠠᠴᠠ 14 ᠡᠳᠦᠷ ᠭᠡᠷᠡᠯ ᠤᠨ | ᠲᠤᠰᠤᠯᠲᠠ ᠶᠢᠨ ᠴᠠᠭ ᠨᠢ 16 ᠠᠴᠠ 19 ᠴᠠᠭ᠂ 15 ᠡᠳᠦᠷ ᠠᠴᠠ ᠰᠡᠭᠦᠯᠡᠷ ᠪᠠᠶᠢᠭᠠᠯᠢ ᠶᠢᠨ ᠭᠡᠷᠡᠯ ᠤᠨ | ᠲᠤᠰᠤᠯᠲᠠ ᠶᠢ ᠬᠡᠷᠡᠭᠯᠡᠨ᠎ᠡ᠃ ᠭᠡᠷᠡᠯ ᠤᠨ ᠲᠤᠰᠤᠯᠲᠠ ᠶᠢᠨ ᠬᠦᠴᠦᠯᠡᠴᠡ ᠶᠢ 15 ᠲᠡᠭᠰᠢ ᠳᠥᠷᠪᠡᠯᠵᠢᠨ ᠮᠧᠲᠷ | ᠪᠦᠷᠢ ᠶᠢᠨ ᠲᠠᠬᠢᠶᠠᠨ ᠤ ᠡᠭᠦᠷ ᠲᠤ ᠨᠢᠭᠡᠳᠦᠭᠡᠷ ᠭᠠᠷᠠᠭ ᠲᠤ 40 ᠸᠠᠲ ᠤᠨ ᠳ᠋ᠧᠩ ᠢ ᠬᠤᠶᠠᠷ ᠮᠧᠲᠷ ᠥᠨᠳᠥᠷ | ᠪᠠᠶᠢᠷᠢᠨ ᠳᠤ ᠡᠯᠭᠦᠵᠦ᠂ ᠬᠤᠶᠠᠳᠤᠭᠠᠷ ᠭᠠᠷᠠᠭ ᠠᠴᠠ ᠡᠬᠢᠯᠡᠨ 25 ᠸᠠᠲ ᠤᠨ ᠳ᠋ᠧᠩ ᠢ ᠰᠣᠯᠢᠵᠤ ᠬᠡᠷᠡᠭᠯᠡᠪᠡᠯ | ᠪᠣᠯᠴᠢᠬᠠᠨ᠎ᠠ᠃ | ᠵᠢᠷᠭᠤᠭ᠎ᠠ᠂ ᠬᠢᠵᠢᠭ ᠰᠡᠷᠭᠡᠶᠢᠯᠡᠯᠳᠡ᠃ ᠲᠤᠬᠠᠢ ᠶᠢᠨ ᠭᠠᠵᠠᠷ ᠤᠨ ᠪᠣᠳᠠᠲᠠᠢ ᠪᠠᠶᠢᠳᠠᠯ ᠢ ᠦᠨᠳᠦᠰᠦᠯᠡᠨ᠂ ᠵᠦᠢ | ᠵᠣᠬᠢᠰᠲᠠᠢ ᠡᠭᠡᠯᠢᠯᠡᠭᠡ ᠶᠢᠨ ᠵᠢᠷᠤᠮ ᠢ ᠰᠣᠩᠭᠤᠵᠤ ᠸᠠᠺᠼᠢᠨ ᠤ ᠲᠠᠷᠢᠯᠭ᠎ᠠ ᠬᠢᠬᠦ ᠳᠡᠭᠡᠨ ᠲᠣᠭᠲᠠᠭᠰᠠᠨ | ᠬᠤᠭᠤᠴᠠᠭ᠎ᠠ ᠲᠠᠢ ᠪᠠᠷ ᠲᠠᠬᠢᠶᠠᠨ ᠤ ᠡᠭᠦᠷ ᠢ ᠲᠦᠢᠯᠪᠤᠷᠢᠲᠠᠢ ᠠᠷᠢᠭᠤᠳᠬᠠᠵᠤ᠂ ᠲᠠᠬᠢᠶᠠᠨ ᠤ ᠡᠭᠦᠷ ᠢ ᠬᠠᠭᠤᠷᠠᠢ᠂ | ᠠᠷᠢᠭᠤᠨ ᠴᠡᠪᠡᠷ ᠪᠠᠶᠢᠯᠭᠠᠬᠤ ᠶᠢ ᠪᠠᠲᠤᠯᠠᠬᠤ ᠬᠡᠷᠡᠭᠲᠡᠢ ︔ ᠲᠡᠵᠢᠭᠡᠯ ᠪᠣᠷᠳᠤᠭ᠎ᠠ ᠪᠠ ᠤᠤᠭᠤᠬᠤ ᠤᠰᠤᠨ ᠳᠤ | ᠤᠷᠢᠳᠴᠢᠯᠠᠨ ᠰᠡᠷᠭᠡᠶᠢᠯᠡᠬᠦ ᠡᠮ ᠨᠡᠮᠡᠬᠦ ᠶᠢ ᠪᠠᠷᠢᠮᠲᠠᠯᠠᠨ᠎ᠠ ︔ ᠡᠪᠡᠳᠴᠢᠨ ᠲᠠᠢ ᠲᠠᠬᠢᠶ᠎ᠠ ᠶᠢ ᠴᠠᠭ ᠲᠤᠬᠠᠢ ᠳᠤᠨᠢ | ᠲᠤᠰᠠᠭᠠᠷᠯᠠᠨ ᠡᠮᠨᠡᠵᠦ᠂ ᠦᠬᠦᠭᠰᠡᠨ ᠲᠠᠬᠢᠶ᠎ᠠ ᠶᠢ ᠡᠭᠦᠷ ᠠᠴᠠ ᠪᠠᠨ ᠬᠤᠯᠠ ᠰᠢᠲᠠᠭᠠᠬᠤ ᠪᠤᠶᠤ ᠭᠦᠨ ᠪᠤᠯᠠᠬᠤ | ᠬᠡᠷᠡᠭᠲᠡᠢ᠃ |