ᠡᠪᠦᠯ ᠤᠨ ᠤᠯᠠᠷᠢᠯ ᠳᠤ ᠳᠤᠯᠠᠭᠠᠨ ᠢ ᠬᠠᠮᠠᠭᠠᠯᠠᠵᠤ ᠳᠤᠯᠠᠭᠠᠨ ᠢ ᠳᠡᠭᠡᠭᠰᠢᠯᠡᠭᠦᠯᠬᠦ ᠵᠡᠷᠭᠡ ᠠᠰᠠᠭᠤᠳᠠᠯ ᠢ | ᠪᠣᠳᠣᠯᠬᠢᠯᠠᠭᠰᠠᠨ ᠠᠴᠠ ᠪᠣᠯᠵᠤ ᠲᠠᠬᠢᠶᠠᠨ ᠤ ᠡᠭᠦᠷ ᠲᠤ ᠡᠯ᠎ᠡ ᠵᠦᠢᠯ ᠤᠨ ᠬᠤᠣᠷᠲᠤ ᠬᠡᠢ ᠪᠡᠶᠡᠲᠦ ᠨᠡᠩ ᠠᠮᠠᠷᠬᠠᠨ | ᠡᠭᠦᠰᠳᠡᠭ᠃ ᠬᠤᠣᠷᠲᠤ ᠬᠡᠢ ᠪᠡᠶᠡᠲᠦ ᠠᠷᠪᠢᠨ ᠪᠣᠯ ᠲᠠᠬᠢᠶᠠᠨ ᠤ ᠰᠦᠷᠦᠭ ᠤᠨ ᠡᠷᠡᠭᠦᠯ ᠮᠡᠨᠳᠦ ᠳᠤ ᠮᠠᠰᠢ ᠶᠡᠭᠡ | ᠰᠦᠷᠳᠡᠭᠦᠯᠦᠯ ᠪᠣᠯᠳᠠᠭ᠂ ᠲᠡᠭᠡᠪᠡᠯ ᠲᠠᠬᠢᠶ᠎ᠠ ᠲᠡᠵᠢᠭᠡᠳᠡᠭ ᠡᠷᠦᠬᠡ ᠲᠠᠬᠢᠶᠠᠨ ᠤ ᠡᠭᠦᠷ ᠲᠠᠬᠢ ᠬᠤᠣᠷᠲᠤ ᠬᠡᠢ | ᠪᠡᠶᠡᠲᠦ ᠶᠢ ᠬᠡᠷᠬᠢᠨ ᠪᠦᠲᠦᠮᠵᠢᠲᠡᠶ ᠠᠷᠢᠯᠭᠠᠪᠠᠯ ᠵᠣᠬᠢᠬᠤ ᠪᠣᠶ︖ | ᠪᠣᠷᠳᠤᠭ᠎ᠠ ᠠᠴᠠ ᠭᠠᠷᠳᠠᠨ᠎ᠠ᠃ ᠲᠠᠬᠢᠶᠠᠨ ᠤ ᠡᠭᠦᠷ ᠲᠠᠬᠢ ᠬᠠᠮᠤᠭ ᠤᠨ ᠴᠢᠬᠤᠯᠠ ᠬᠤᠣᠷᠲᠤ ᠬᠡᠢ ᠪᠡᠶᠡᠲᠦ ᠶᠢᠨ | ᠨᠢᠭᠡ ᠨᠢ ᠳᠠᠷᠤᠢ ᠰᠢᠪᠲᠦᠷ ᠤᠨ ᠬᠡᠢ ᠪᠣᠯᠣᠨ᠎ᠠ᠂ ᠰᠢᠪᠲᠦᠷ ᠤᠨ ᠬᠡᠢ ᠨᠢ ᠶᠡᠷᠦ ᠳᠡᠭᠡᠨ ᠲᠠᠬᠢᠶᠠᠨ ᠤ ᠪᠠᠭᠠᠰᠤᠨ ᠳᠠᠬᠢ | ᠵᠠᠳᠠᠷᠠᠭ᠎ᠠ ᠦᠭᠡᠢ ᠰᠢᠮ᠎ᠡ ᠲᠡᠵᠢᠭᠡᠯ ᠤᠨ ᠪᠣᠳᠠᠰ ᠠᠴᠠ ᠢᠷᠡᠳᠡᠭ᠂ ᠣᠨᠴᠠᠭᠠᠶᠢᠯᠠᠨ ᠤᠭᠤᠷᠠᠭ ᠠᠴᠠ ᠢᠷᠡᠳᠡᠭ᠃ | ᠡᠶᠢᠮᠦ ᠠᠴᠠ ᠲᠡᠵᠢᠭᠡᠯ ᠪᠣᠷᠳᠣᠭᠠᠨ ᠳᠤ ᠠᠰᠢᠭᠲᠤ ᠪᠠᠺᠲ᠋ᠧᠷᠢ ᠶᠢᠨ ᠲᠦᠷᠦᠯ ᠤᠨ ᠨᠡᠮᠡᠯᠲᠡ ᠡᠳ᠋ ᠢ ᠨᠡᠮᠡᠪᠡᠯ᠂ | ᠲᠠᠬᠢᠶᠠᠨ ᠤ ᠭᠡᠳᠡᠰᠦᠨ ᠤ ᠤᠭᠤᠷᠠᠭ ᠢ ᠰᠢᠩᠭᠡᠬᠡᠨ ᠠᠪᠬᠤ ᠠᠰᠢᠭᠯᠠᠮᠵᠢ ᠶᠢ ᠳᠡᠭᠡᠭᠰᠢᠯᠡᠭᠦᠯᠵᠦ᠂ ᠲᠡᠵᠢᠭᠡᠯ | ᠪᠣᠷᠳᠤᠭ᠎ᠠ ᠶᠢ ᠠᠷᠪᠢᠯᠠᠬᠤ ᠪᠠᠷ ᠪᠠᠷᠠᠬᠤ ᠦᠭᠡᠢ ᠪᠠᠰᠠ ᠰᠢᠪᠲᠦᠷ ᠤᠨ ᠬᠡᠢ ᠵᠢᠴᠢ ᠪᠤᠰᠤᠳ ᠬᠤᠣᠷᠲᠤ ᠬᠡᠢ ᠪᠡᠶᠡᠲᠦ | ︵ᠵᠢᠱᠢᠶᠡᠯᠡᠪᠡᠯ ᠬᠦᠬᠦᠷᠲᠦ ᠤᠰᠤᠲᠥ᠋ᠷᠥᠭᠴᠢ ︶ ᠶᠢᠨ ᠡᠭᠦᠰᠬᠦ ᠶᠢ ᠪᠠᠭᠠᠰᠬᠠᠳᠠᠭ᠃ | ᠰᠤᠷᠤᠨᠠᠭᠤᠯᠤᠯ ᠡᠳ᠋ ᠢ ᠬᠡᠷᠡᠭᠯᠡᠨ᠎ᠡ᠃ ᠮᠣᠳᠣᠨ ᠨᠡᠭᠦᠷᠡᠰᠦ᠂ ᠨᠡᠭᠦᠷᠡᠰᠦᠨ ᠤ ᠰᠢᠭᠠᠷᠤ᠂ ᠲᠦᠭᠦᠬᠡᠢ ᠴᠣᠬᠤᠢ | ᠮᠡᠲᠦ ᠶᠢᠨ ᠪᠣᠳᠠᠰ ᠨᠢ ᠠᠭᠠᠷ ᠳᠣᠲᠣᠷᠠᠬᠢ ᠦᠮᠡᠬᠡᠢ ᠦᠨᠦᠷ ᠢ ᠮᠠᠰᠢ ᠰᠠᠶᠢᠨ ᠰᠣᠷᠣᠨ ᠨᠠᠭᠠᠯᠳᠤᠭᠤᠯᠬᠤ | ᠦᠢᠯᠡᠳᠦᠯ ᠲᠠᠢ᠃ ᠡᠳᠡᠭᠡᠷ ᠶᠠᠭᠤᠮ᠎ᠠ ᠶᠢ ᠲᠠᠬᠢᠶᠠᠨ ᠤ ᠡᠭᠦᠷ ᠲᠤ ᠬᠡᠷᠡᠭᠯᠡᠪᠡᠯ ᠪᠠᠰᠠ ᠠᠭᠠᠷ ᠢ ᠴᠡᠪᠡᠷᠰᠢᠭᠦᠯᠬᠦ ᠮᠠᠰᠢ | ᠰᠠᠶᠢᠨ ᠦᠢᠯᠡᠳᠦᠯ ᠲᠠᠢ ᠶᠤᠮ᠃ ᠲᠠᠬᠢᠶ᠎ᠠ ᠲᠡᠵᠢᠭᠡᠳᠡᠭ ᠡᠷᠦᠬᠡ ᠲᠠᠬᠢᠶᠠᠨ ᠤ ᠡᠭᠦᠷ ᠲᠤ ᠮᠣᠳᠣᠨ ᠨᠡᠭᠦᠷᠡᠰᠦ ᠪᠤᠶᠤ | ᠨᠡᠭᠦᠷᠡᠰᠦᠨ ᠰᠢᠭᠠᠷᠤ ᠮᠡᠲᠦ ᠶᠢᠨ ᠰᠣᠷᠣᠨ ᠨᠠᠭᠠᠯᠳᠤᠭᠤᠯᠬᠤ ᠪᠣᠳᠠᠰ ᠢ ᠰᠠᠴᠤᠵᠤ ᠪᠣᠯᠣᠨ᠎ᠠ᠂ ᠡᠨᠡ ᠨᠢ ᠲᠠᠬᠢᠶᠠᠨ ᠤ | ᠡᠭᠦᠷ ᠲᠠᠬᠢ ᠬᠤᠣᠷᠲᠤ ᠬᠡᠢ ᠪᠡᠶᠡᠲᠦ ᠶᠢ ᠰᠣᠷᠣᠨ ᠨᠠᠭᠠᠯᠳᠤᠭᠤᠯᠬᠤ ᠳᠤ ᠪᠠᠰᠠ ᠨᠡᠯᠢᠶᠡᠳ ᠰᠠᠶᠢᠨ ᠦᠢᠯᠡᠳᠦᠯ ᠲᠠᠢ | ᠶᠤᠮ᠃ ᠡᠭᠦᠨ ᠠᠴᠠ ᠭᠠᠳᠠᠨ᠎ᠠ᠂ ᠭᠠᠵᠠᠷ ᠳᠡᠭᠡᠷ᠎ᠡ ᠨᠢᠭᠡ ᠳᠠᠪᠬᠤᠷᠭ᠎ᠠ ᠬᠡᠲᠦ ᠹᠣᠰᠹᠣᠷ ᠬᠦᠴᠢᠯ ᠤᠨ ᠺᠠᠯᠼ ᠰᠠᠴᠤᠪᠠᠯ | ᠂ ᠲᠠᠬᠢᠶᠠᠨ ᠤ ᠡᠭᠦᠷ ᠲᠠᠬᠢ ᠦᠮᠡᠬᠡᠢ ᠦᠨᠦᠷ ᠢ ᠪᠠᠭᠤᠷᠠᠭᠤᠯᠵᠤ᠂ ᠰᠢᠪᠲᠦᠷ ᠤᠨ ᠬᠡᠢ ᠶᠢ ᠬᠤᠷᠢᠭᠯᠠᠬᠤ ᠦᠢᠯᠡᠳᠦᠯ ᠨᠢ | ᠴᠦ ᠮᠠᠰᠢ ᠰᠠᠶᠢᠨ ᠪᠠᠶᠢᠳᠠᠭ᠃ | ᠬᠢᠲᠠᠳ ᠡᠮ ᠢ ᠬᠡᠷᠡᠭᠯᠡᠨ᠎ᠡ᠃ ᠵᠠᠷᠢᠮ ᠬᠠᠯᠠᠭᠤᠨ ᠢ ᠠᠷᠢᠯᠭᠠᠵᠤ ᠬᠤᠣᠷ ᠢ ᠲᠠᠶᠢᠯᠬᠤ ᠦᠢᠯᠡᠳᠦᠯ ᠲᠠᠢ | ᠦᠢᠯᠡᠳᠬᠦᠨ ︵ᠨᠡᠮᠡᠯᠲᠡ ᠡᠳ᠋ ᠪᠤᠶᠤ ᠬᠢᠲᠠᠳ ᠮᠠᠯ ᠤᠨ ᠡᠮ ︶ ᠢᠶᠠᠷ ᠲᠠᠬᠢᠶᠠᠨ ᠰᠦᠷᠦᠭ ᠢ ᠲᠡᠵᠢᠭᠡᠪᠡᠯ | ᠲᠠᠬᠢᠶᠠᠨ ᠤ ᠭᠡᠳᠡᠰᠦᠨ ᠳᠣᠲᠣᠷᠠᠬᠢ ᠪᠠᠺᠲ᠋ᠧᠷᠢ ᠶᠢᠨ ᠲᠤᠭ᠎ᠠ ᠶᠢ ᠪᠦᠲᠦᠮᠵᠢᠲᠡᠶ ᠪᠠᠷ ᠪᠠᠭᠠᠰᠬᠠᠬᠤ ᠶᠢᠨ ᠤᠯᠠᠮ ᠠᠴᠠ | ᠪᠠᠭᠠᠰᠤ ᠰᠢᠭᠡᠰᠦᠨ ᠤ ᠰᠢᠪᠲᠦᠷ ᠤᠨ ᠬᠡᠢ ᠡᠭᠦᠰᠬᠡᠬᠦ ᠴᠢᠳᠠᠪᠤᠷᠢ ᠶᠢ ᠪᠠᠭᠤᠷᠠᠭᠤᠯᠤᠨ᠎ᠠ᠃ ᠡᠭᠦᠨ ᠠᠴᠠ ᠭᠠᠳᠠᠨ᠎ᠠ᠂ | ᠲᠠᠬᠢᠶᠠᠨ ᠡᠭᠦᠷ ᠬᠤᠭᠤᠰᠤᠨ ᠪᠠᠶᠢᠬᠤ ᠳᠤ ᠠᠳᠠᠯᠢ ᠬᠠᠷᠢᠴᠠᠯ ᠤᠨ ᠰᠦᠢᠬᠠᠨ ᠤ ᠨᠠᠪᠴᠢ᠂ ᠴᠢᠨ᠋ᠸ᠎ᠠ ᠶᠢᠨ ᠬᠠᠯᠲᠠᠷ᠂ | ᠬᠥᠬᠡ ᠨᠠᠪᠴᠢ ᠶᠢ ᠰᠢᠲᠠᠭᠠᠪᠠᠯ ᠦᠮᠡᠬᠡᠢ ᠦᠨᠦᠷ ᠢ ᠠᠷᠢᠯᠭᠠᠵᠤ ᠪᠠᠺᠲ᠋ᠧᠷᠢ ᠠᠯᠠᠬᠤ ᠳᠤ ᠪᠠᠰᠠ ᠨᠡᠯᠢᠶᠡᠳ ᠰᠠᠶᠢᠨ | ᠦᠷ᠎ᠡ ᠳ᠋ᠦᠩ ᠲᠠᠢ ᠪᠠᠶᠢᠳᠠᠭ᠃ |