ᠡᠪᠦᠯ ᠤᠨ ᠬᠤᠷᠠᠭ᠎ᠠ ᠭᠡᠳᠡᠭ ᠨᠢ ᠵᠢᠯ ᠪᠦᠷᠢ ᠶᠢᠨ 8 — 9 ᠰᠠᠷ᠎ᠠ ᠳᠤ ᠬᠡᠭᠡᠯᠲᠦᠭᠦᠯᠵᠦ᠂ ᠳᠠᠷᠠᠭ᠎ᠠ ᠵᠢᠯ ᠤᠨ | 1 — 2 ᠰᠠᠷ᠎ᠠ ᠳᠤ ᠲᠥᠷᠥᠭᠰᠡᠨ ᠬᠤᠷᠠᠭ᠎ᠠ ᠶᠢ ᠬᠡᠯᠡᠵᠦ᠂ ᠲᠦᠷᠦᠬᠦ ᠳᠡᠭᠡᠨ ᠪᠡᠶ᠎ᠡ ᠪᠢᠯᠳᠠᠷ ᠨᠢ ᠲᠣᠮᠣ᠂ | ᠥᠰᠦᠯᠲᠡ ᠪᠤᠶᠢᠵᠢᠯᠲᠠ ᠨᠢ ᠲᠦᠷᠭᠡᠨ᠂ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠴᠢᠩᠭ᠎ᠠ᠂ ᠲᠤᠬᠠᠢ ᠶᠢᠨ | ᠵᠢᠯ ᠳᠡᠭᠡᠨ ᠪᠣᠷᠣᠯᠠᠭᠤᠯᠬᠤ᠂ ᠬᠤᠨᠢᠨ ᠰᠦᠷᠦᠭ ᠤᠨ ᠡᠷᠭᠢᠯᠲᠡ ᠶᠢ ᠲᠦᠷᠭᠡᠳᠬᠡᠬᠦ᠂ ᠪᠡᠯᠴᠢᠭᠡᠷ ᠤᠨ ᠳᠠᠷᠤᠯᠲᠠ ᠶᠢ | ᠬᠥᠩᠭᠡᠷᠡᠭᠦᠯᠬᠦ ᠵᠡᠷᠭᠡ ᠳᠠᠪᠠᠭᠤᠯᠢᠭ ᠲᠠᠯ᠎ᠠ ᠲᠠᠢ ᠪᠠᠶᠢᠳᠠᠭ᠃ ᠭᠡᠪᠡᠴᠦ 1 — 2 ᠰᠠᠷ᠎ᠠ ᠳᠤ ᠥᠪᠥᠷ ᠮᠣᠩᠭᠤᠯ ᠤᠨ | ᠠᠭᠠᠷ ᠤᠨ ᠳᠤᠯᠠᠭᠠᠨ ᠨᠡᠯᠢᠶᠡᠳ ᠳᠣᠣᠷ᠎ᠠ ᠪᠠᠶᠢᠵᠤ᠂ ᠡᠪᠦᠯ ᠤᠨ ᠬᠤᠷᠠᠭ᠎ᠠ ᠶᠢᠨ ᠪᠤᠶᠢᠵᠢᠭᠤᠯᠤᠯᠲᠠ ᠳᠤ ᠨᠢᠭᠡᠨ | ᠬᠡᠮᠵᠢᠶᠡᠨ ᠤ ᠬᠦᠴᠢᠷᠳᠡᠯ ᠤᠴᠠᠷᠠᠭᠤᠯᠳᠠᠭ᠃ ᠡᠶᠢᠮᠦ ᠠᠴᠠ ᠬᠤᠷᠠᠭ᠎ᠠ ᠢᠰᠢᠭᠡ ᠶᠢ ᠰᠢᠨᠵᠢᠯᠡᠬᠦ ᠤᠬᠠᠭᠠᠨᠴᠢ ᠪᠠᠷ | ᠪᠤᠶᠢᠵᠢᠭᠤᠯᠬᠤ ᠮᠡᠷᠭᠡᠵᠢᠯ ᠢ ᠡᠵᠡᠮᠰᠢᠬᠦ ᠨᠢ ᠨᠡᠩ ᠴᠢᠬᠤᠯᠠ ᠶᠤᠮ᠃ | 1. ᠲᠥᠯᠯᠡᠬᠦ ᠠᠴᠠ ᠡᠮᠦᠨᠡᠬᠢ ᠪᠡᠯᠡᠳᠬᠡᠯ | ᠲᠥᠯ ᠲᠤᠰᠬᠤ ᠬᠠᠰᠢᠶᠠᠨ ᠤ ᠳᠤᠯᠠᠭᠠᠨ ᠤ ᠬᠡᠮᠵᠢᠶ᠎ᠡ ᠶᠢ 0 — 5℃ ᠲᠤ ᠬᠦᠷᠭᠡᠵᠦ᠂ ᠬᠦᠢᠲᠡᠨ ᠤ | ᠰᠡᠷᠡᠯᠵᠢᠯ ᠡᠭᠦᠰᠬᠦ ᠠᠴᠠ ᠰᠡᠷᠭᠡᠶᠢᠯᠡᠵᠦ᠂ ᠬᠤᠷᠠᠭ᠎ᠠ ᠶᠢ ᠦᠬᠦᠭᠦᠯᠬᠦ ᠠᠴᠠ ᠰᠡᠷᠭᠡᠶᠢᠯᠡᠨ᠎ᠡ᠃ ᠢᠯᠡ ᠭᠠᠯ ᠢᠶᠠᠷ | ᠬᠠᠯᠠᠭᠤᠨ ᠢ ᠳᠡᠭᠡᠭᠰᠢᠯᠡᠭᠦᠯᠬᠦ ᠠᠴᠠ ᠵᠠᠶᠢᠯᠠᠰᠬᠢᠵᠦ᠂ ᠬᠤᠷᠠᠭ᠎ᠠ ᠢᠰᠢᠭᠡᠨ ᠤ ᠠᠭᠤᠰᠬᠢᠨ ᠦᠷᠪᠢᠰᠦᠯ ᠵᠡᠷᠭᠡ | ᠡᠪᠡᠳᠴᠢᠨ ᠳᠤ ᠨᠡᠷᠪᠡᠭᠳᠡᠬᠦ ᠠᠴᠠ ᠰᠡᠷᠭᠡᠶᠢᠯᠡᠨ᠎ᠡ᠃ ᠡᠭᠦᠨ ᠠᠴᠠ ᠭᠠᠳᠠᠨ᠎ᠠ᠂ ᠲᠥᠯ ᠲᠤᠰᠬᠤ ᠬᠠᠰᠢᠶᠠᠨ ᠤ | ᠬᠠᠵᠠᠭᠤ ᠳᠤ ᠨᠢᠭᠡᠨ ᠳᠤᠯᠠᠭᠠᠨ ᠥᠷᠥᠭᠡ ᠪᠡᠯᠡᠳᠬᠡᠵᠦ᠂ ᠰᠠᠶ᠋ᠢ ᠲᠥᠷᠥᠭᠰᠡᠨ ᠬᠤᠷᠠᠭ᠎ᠠ ᠪᠠ ᠨᠢᠯᠬ᠎ᠠ ᠪᠠᠭᠤᠷᠠᠢ | ᠬᠤᠷᠠᠭ᠎ᠠ ᠶᠢ ᠲᠦᠷᠭᠡᠨ ᠠᠪᠤᠷᠠᠬᠤ ᠪᠠᠷ ᠬᠡᠷᠡᠭᠯᠡᠬᠦ ᠳᠤ ᠪᠡᠯᠡᠳᠬᠡᠨ᠎ᠡ᠃ ᠬᠤᠷᠠᠭᠠᠯᠠᠬᠤ ᠠᠴᠠ ᠡᠮᠦᠨᠡᠬᠢ 3 — 5 | ᠡᠳᠦᠷ ᠲᠤ ᠡᠷᠬᠡᠪᠰᠢ ᠬᠦᠷᠢᠶ᠎ᠡ ᠬᠠᠰᠢᠶ᠎ᠠ᠂ ᠲᠡᠵᠢᠭᠡᠯ ᠪᠣᠷᠳᠣᠭᠠᠨ ᠤ ᠲᠠᠯᠪᠢᠭᠤᠷ᠂ ᠲᠥᠯ ᠲᠣᠰᠬᠤ ᠬᠠᠰᠢᠶ᠎ᠠ ᠵᠡᠷᠭᠡ ᠶᠢ | ᠠᠷᠢᠭᠤᠳᠬᠠᠵᠤ᠂ 5% ᠶᠢᠨ ᠬᠤᠵᠢᠷᠯᠢᠭ ᠤᠰᠤ ᠪᠠᠷ 2 — 3 ᠤᠳᠠᠭ᠎ᠠ ᠠᠷᠢᠭᠤᠳᠬᠠᠨ᠎ᠠ᠃ ᠭᠦᠢᠴᠡᠳ | ᠬᠡᠮᠵᠢᠶᠡᠨ ᠤ ᠬᠠᠭᠤᠷᠠᠢ ᠡᠪᠡᠰᠦ ᠪᠠ ᠨᠠᠷᠢᠯᠢᠭ ᠪᠣᠷᠳᠤᠭ᠎ᠠ ᠪᠡᠯᠡᠳᠬᠡᠵᠦ᠂ ᠡᠮ᠎ᠡ ᠬᠤᠨᠢᠨ ᠤ ᠬᠤᠷᠠᠭᠠᠯᠠᠭᠰᠠᠨ ᠤ | ᠳᠠᠷᠠᠭᠠᠬᠢ ᠪᠡᠶ᠎ᠡ ᠶᠢᠨ ᠰᠡᠷᠭᠦᠭᠡᠯᠲᠡ ᠵᠢᠴᠢ ᠬᠥᠬᠦᠭᠦᠯ ᠬᠤᠷᠠᠭ᠎ᠠ ᠳᠤ ᠬᠡᠷᠡᠭᠰᠡᠬᠦ ᠰᠢᠮ᠎ᠡ ᠲᠡᠵᠢᠭᠡᠯ ᠢ ᠬᠠᠩᠭᠠᠨ᠎ᠠ᠃ | 2. ᠲᠥᠯ ᠲᠣᠰᠬᠤ | ᠡᠬᠡ ᠬᠤᠨᠢᠨ ᠤ ᠬᠥᠬᠦᠨ ᠤ ᠲᠣᠭᠤᠷᠢᠨ ᠳᠠᠬᠢ ᠪᠠ ᠬᠤᠶᠢᠲᠤ ᠮᠥᠴᠢ ᠶᠢᠨ ᠳᠣᠲᠣᠷ᠎ᠠ ᠲᠠᠯ᠎ᠠ ᠶᠢᠨ ᠦᠰᠦ ᠶᠢ ᠨᠢ | ᠬᠠᠶᠢᠴᠢᠯᠠᠵᠤ᠂ ᠪᠦᠯᠢᠶᠡᠨ ᠤᠰᠤ ᠪᠠᠷ ᠤᠬᠢᠶᠠᠨ ᠴᠡᠪᠡᠷᠯᠡᠭᠡᠳ ᠳᠠᠬᠢᠨ ᠬᠡᠳᠦᠨ ᠳᠤᠰᠤᠯ ᠤᠭᠤᠷᠠᠭ ᠰᠦ᠋ ᠶᠢ ᠨᠢ | ᠰᠠᠭᠠᠵᠤ᠂ ᠪᠤᠵᠠᠷ ᠦᠰᠦ ᠰᠠᠶ᠋ᠢ ᠲᠥᠷᠥᠭᠰᠡᠨ ᠬᠤᠷᠠᠭ᠎ᠠ ᠢᠰᠢᠭᠡ ᠶᠢᠨ ᠬᠦᠬᠦᠬᠦ ᠶᠢ ᠨᠢ ᠬᠠᠷᠰᠢᠯᠠᠬᠤ ᠠᠴᠠ | ᠬᠢᠴᠢᠶᠡᠨ᠎ᠡ᠃ ᠡᠮ᠎ᠡ ᠬᠤᠨᠢᠨ ᠤ ᠭᠠᠳᠠᠷ ᠪᠡᠯᠭᠡ᠂ ᠬᠤᠰᠬᠢᠨᠠᠭ᠂ ᠰᠡᠭᠦᠯ ᠤᠨ ᠤᠭ ᠢ ᠨᠢ ᠤᠬᠢᠶᠠᠨ ᠴᠡᠪᠡᠷᠯᠡᠵᠦ᠂ | ᠳᠠᠬᠢᠨ ᠠᠷᠢᠭᠤᠳᠬᠠᠬᠤ ᠰᠢᠩᠭᠡᠨ ᠢᠶᠠᠷ ᠠᠷᠢᠭᠤᠳᠬᠠᠨ᠎ᠠ᠃ ᠡᠮ᠎ᠡ ᠬᠤᠨᠢ ᠬᠡᠪ ᠤᠨ ᠪᠠᠶᠢᠳᠠᠯ ᠢᠶᠠᠷ ᠬᠤᠷᠠᠭᠠᠯᠠᠬᠤ | ᠦᠶ᠎ᠡ᠂ ᠬᠡᠬᠡᠢ ᠶᠢᠨ ᠪᠦᠷᠬᠦᠪᠴᠢ ᠬᠠᠭᠠᠷᠠᠭᠰᠠᠨ ᠤ ᠳᠠᠷᠠᠭ᠎ᠠ 10 — 30 ᠮᠢᠨᠦ᠋ᠲ ᠶᠢᠨ ᠳᠠᠷᠠᠭ᠎ᠠ | ᠬᠤᠷᠠᠭᠠᠯᠠᠴᠢᠬᠠᠳᠠᠭ᠃ ᠢᠬᠡᠷᠡᠯᠡᠪᠡᠯ ᠤᠷᠢᠳ ᠬᠤᠵᠢᠳ ᠪᠠᠷᠤᠭ 5 — 30 ᠮᠢᠨᠦ᠋ᠲ ᠶᠢᠨ ᠵᠠᠢ ᠲᠠᠢ᠃ ᠡᠮ᠎ᠡ | ᠬᠤᠨᠢ ᠨᠢᠭᠡ ᠬᠤᠷᠠᠭ᠎ᠠ ᠬᠤᠷᠠᠭᠠᠯᠠᠴᠢᠬᠠᠭᠠᠳ ᠬᠡᠳᠦᠨ ᠮᠢᠨᠦ᠋ᠲ ᠶᠢᠨ ᠳᠠᠷᠠᠭ᠎ᠠ ᠮᠥᠨ ᠯᠡ ᠬᠡᠪᠲᠡᠭᠡᠳ ᠳᠥᠯᠡᠬᠦ | ᠪᠠᠶᠢᠳᠠᠯ ᠲᠠᠢ ᠪᠠᠶᠢᠪᠠᠯ ᠪᠠᠰᠠ ᠬᠤᠷᠠᠭᠠᠯᠠᠬᠤ ᠡᠰᠡᠬᠦ ᠶᠢ ᠨᠢ ᠪᠠᠶᠢᠴᠠᠭᠠᠵᠤ᠂ ᠭᠠᠷ ᠤᠨ ᠠᠯᠠᠭ᠎ᠠ ᠪᠠᠷ ᠢᠶᠠᠨ ᠡᠮ᠎ᠡ | ᠬᠤᠨᠢᠨ ᠤ ᠬᠡᠪᠡᠯᠢ ᠶᠢᠨ ᠡᠮᠦᠨ᠎ᠡ ᠲᠠᠯ᠎ᠠ ᠶᠢ ᠵᠣᠬᠢᠰᠲᠠᠢ ᠪᠠᠷ ᠡᠷᠭᠦᠵᠦ ᠦᠵᠡᠵᠦ ᠪᠣᠯᠣᠨ᠎ᠠ᠂ ᠬᠡᠷᠪᠡ ᠢᠬᠡᠷ᠎ᠡ | ᠲᠥᠯ ᠲᠠᠢ ᠪᠣᠯ ᠮᠡᠳᠡᠭᠳᠡᠨ᠎ᠡ᠃ | 3. ᠬᠤᠷᠠᠭᠠᠯᠠᠭᠰᠠᠨ ᠤ ᠳᠠᠷᠠᠭᠠᠬᠢ ᠠᠷᠠᠴᠢᠯᠠᠭ᠎ᠠ | ᠬᠤᠷᠠᠭᠠᠯᠠᠭᠰᠠᠨ ᠤ ᠳᠠᠷᠠᠭ᠎ᠠ ᠡᠮ᠎ᠡ ᠬᠤᠨᠢ ᠶᠢ ᠴᠢᠳᠠᠬᠤ ᠶᠢᠨ ᠬᠢᠷᠢ ᠪᠠᠷ ᠵᠣᠭᠰᠣᠭᠠᠵᠤ᠂ ᠢᠩᠭᠢᠬᠦ ᠨᠢ | ᠰᠠᠪᠠᠨ ᠠᠴᠠ ᠴᠢᠰᠤ ᠭᠠᠷᠬᠤ ᠶᠢ ᠪᠠᠭᠠᠰᠬᠠᠵᠤ᠂ ᠦᠷᠡᠵᠢᠯ ᠤᠨ ᠡᠷᠬᠡᠲᠡᠨ ᠢ ᠬᠡᠪ ᠲᠤᠨᠢ ᠣᠷᠣᠭᠤᠯᠬᠤ ᠳᠤ ᠠᠰᠢᠭᠲᠠᠢ | ᠂ ᠪᠠᠰᠠ ᠬᠡᠦᠬᠡᠨ ᠬᠡᠪᠲᠡᠰᠢ ᠶᠢᠨ ᠮᠤᠯᠲᠤᠷᠠᠬᠤ ᠠᠴᠠ ᠰᠡᠷᠭᠡᠶᠢᠯᠡᠨ᠎ᠡ᠃ ᠬᠤᠶᠢᠲᠤᠬᠢ ᠨᠢ ᠬᠤᠷᠠᠭᠠᠯᠠᠭᠰᠠᠨ ᠤ ᠳᠠᠷᠠᠭ᠎ᠠ | 3 ᠴᠠᠭ ᠣᠷᠴᠢᠮ ᠢᠶᠠᠷ ᠥᠪᠡᠷᠲᠡᠭᠡᠨ ᠭᠠᠳᠠᠭᠰᠢᠯᠠᠵᠤ᠂ ᠬᠤᠶᠢᠲᠤᠬᠢ ᠶᠢ ᠨᠢ ᠴᠠᠭ ᠲᠤᠬᠠᠢ ᠳᠤᠨᠢ ᠴᠡᠪᠡᠷᠯᠡᠵᠦ᠂ ᠡᠮ᠎ᠡ | ᠬᠤᠨᠢᠨ ᠤ ᠬᠤᠶᠢᠲᠤᠬᠢ ᠪᠠᠨ ᠢᠳᠡᠵᠦ ᠡᠪᠡᠳᠴᠢᠨ ᠡᠭᠦᠰᠬᠦ ᠠᠴᠠ ᠰᠡᠷᠭᠡᠶᠢᠯᠡᠬᠦ ᠬᠡᠷᠡᠭᠲᠡᠢ᠃ ᠡᠮ᠎ᠡ ᠬᠤᠨᠢ ᠶᠢ | ᠬᠤᠷᠠᠭᠠᠯᠠᠭᠰᠠᠨ ᠤ ᠳᠠᠷᠠᠭ᠎ᠠ ᠠᠮᠠᠷᠠᠭᠤᠯᠬᠤ ᠶᠢ ᠠᠩᠬᠠᠷᠴᠤ᠂ ᠪᠦᠯᠢᠶᠡᠨ ᠤᠰᠤ ᠤᠤᠭᠤᠯᠭᠠᠨ᠎ᠠ᠂ ᠬᠥᠩᠭᠡᠵᠢᠭᠰᠡᠨ ᠤ | ᠳᠠᠷᠠᠭ᠎ᠠ 1 — 3 ᠡᠳᠦᠷ ᠲᠤ ᠨᠠᠷᠢᠯᠢᠭ ᠪᠣᠷᠳᠤᠭ᠎ᠠ ᠶᠢ ᠬᠡᠲᠦᠷᠬᠡᠢ ᠠᠷᠪᠢᠨ ᠲᠡᠵᠢᠭᠡᠵᠦ ᠪᠣᠯᠬᠤ ᠦᠭᠡᠢ᠂ | ᠬᠥᠬᠦᠨ ᠤ ᠦᠷᠪᠢᠰᠦᠯ ᠡᠭᠦᠰᠬᠦ ᠠᠴᠠ ᠰᠡᠷᠭᠡᠶᠢᠯᠡᠨ᠎ᠡ᠃ ᠴᠢᠨᠠᠷ ᠰᠠᠶᠢᠲᠠᠢ᠂ ᠰᠢᠩᠭᠡᠭᠡᠬᠦ ᠳᠤ ᠬᠢᠯᠪᠠᠷ ᠲᠡᠵᠢᠭᠡᠯ | ᠪᠣᠷᠳᠤᠭ᠎ᠠ ᠬᠡᠪᠡᠭ ᠪᠠ ᠬᠠᠭᠤᠷᠠᠢ ᠨᠣᠭᠤᠭᠠᠨ ᠡᠪᠡᠰᠦ ᠶᠢ ᠪᠠᠭ᠎ᠠ ᠰᠠᠭ᠎ᠠ ᠲᠡᠵᠢᠭᠡᠵᠦ ᠪᠣᠯᠣᠨ᠎ᠠ᠃ ᠴᠢᠬᠢᠭ ᠠᠴᠠ | ᠰᠡᠷᠭᠡᠶᠢᠯᠡᠬᠦ᠂ ᠬᠦᠢᠲᠡᠨ ᠠᠴᠠ ᠰᠡᠷᠭᠡᠶᠢᠯᠡᠬᠦ᠂ ᠰᠠᠯᠬᠢᠨ ᠠᠴᠠ ᠰᠡᠷᠭᠡᠶᠢᠯᠡᠬᠦ᠂ ᠲᠠᠭᠰᠢᠭᠤᠷ ᠠᠴᠠ ᠰᠡᠷᠭᠡᠶᠢᠯᠡᠬᠦ ᠶᠢ | ᠠᠩᠬᠠᠷᠬᠤ ᠬᠡᠷᠡᠭᠲᠡᠢ᠃ ᠬᠥᠬᠦᠭᠦᠯᠬᠦ ᠬᠤᠭᠤᠴᠠᠭᠠᠨ ᠳᠤ ᠬᠠᠰᠢᠶᠠᠨ ᠤ ᠠᠷᠢᠭᠤᠨ ᠴᠡᠪᠡᠷ᠂ ᠬᠠᠭᠤᠷᠠᠢ ᠪᠠᠶᠢᠬᠤ ᠶᠢ | ᠪᠠᠲᠤᠯᠠᠵᠤ᠂ ᠣᠯᠪᠣᠭ ᠡᠪᠡᠰᠦ ᠶᠢ ᠨᠢ ᠦᠷᠭᠦᠯᠵᠢ ᠰᠣᠯᠢᠵᠤ ᠥᠭᠭᠦᠨ᠎ᠡ᠃ | 4. ᠬᠤᠷᠠᠭᠠᠨ ᠳᠤ ᠤᠭᠤᠷᠠᠭ ᠬᠦᠬᠦᠭᠦᠯᠬᠦ | ᠬᠤᠷᠠᠭ᠎ᠠ ᠲᠥᠷᠥᠭᠰᠡᠨ ᠤ ᠳᠠᠷᠠᠭ᠎ᠠ ᠠᠯᠢ ᠲᠦᠷᠭᠡᠨ ᠢᠶᠠᠷ ᠤᠭᠤᠷᠠᠭ ᠰᠦ᠋ ᠢᠳᠡᠭᠦᠯᠪᠡᠯ ᠵᠣᠬᠢᠨ᠎ᠠ᠂ ᠤᠭᠤᠷᠠᠭ | ᠰᠦᠨ ᠤ ᠰᠢᠮ᠎ᠡ ᠲᠡᠵᠢᠭᠡᠯ ᠤᠨ ᠪᠣᠳᠠᠰ ᠡᠯᠪᠡᠭ᠂ ᠦᠯᠦ ᠬᠠᠯᠳᠠᠭᠠᠬᠤ ᠪᠥᠮᠪᠥᠭᠡᠨ ᠤᠭᠤᠷᠠᠭ ᠪᠠ ᠮᠠᠭᠨᠢ ᠶᠢᠨ | ᠳᠠᠪᠤᠰᠤ ᠡᠯᠪᠡᠭ ᠠᠭᠤᠯᠤᠭᠳᠠᠵᠤ᠂ ᠰᠢᠩᠭᠡᠭᠡᠯᠲᠡ ᠶᠢᠨ ᠵᠠᠮ ᠤᠨ ᠳᠣᠲᠣᠷᠠᠬᠢ ᠡᠪᠡᠳᠴᠢᠨ ᠤ ᠪᠠᠺᠲ᠋ᠧᠷᠢ ᠶᠢᠨ | ᠦᠷᠡᠵᠢᠬᠦ ᠶᠢ ᠬᠤᠷᠢᠭᠯᠠᠵᠤ᠂ ᠪᠡᠶ᠎ᠡ ᠮᠠᠬᠠᠪᠤᠳ ᠢ ᠴᠢᠭᠢᠷᠠᠭᠵᠢᠭᠤᠯᠤᠨ᠂ ᠡᠪᠡᠳᠴᠢᠨ ᠢ ᠡᠰᠡᠷᠭᠦᠴᠡᠬᠦ ᠴᠢᠳᠠᠪᠤᠷᠢ ᠶᠢ | ᠳᠡᠭᠡᠭᠰᠢᠯᠡᠭᠦᠯᠵᠦ᠂ ᠵᠤᠩᠭᠠᠭ ᠶᠢ ᠨᠢ ᠭᠠᠳᠠᠭᠰᠢᠯᠠᠭᠤᠯᠤᠨ᠎ᠠ᠃ ᠲᠤᠷᠠᠩᠬᠠᠢ ᠬᠤᠷᠠᠭ᠎ᠠ᠂ ᠰᠦᠨ ᠳᠤ ᠴᠠᠳᠤᠭᠰᠠᠨ | ᠦᠭᠡᠢ ᠬᠤᠷᠠᠭ᠎ᠠ᠂ ᠥᠨᠥᠴᠢᠨ ᠬᠤᠷᠠᠭ᠎ᠠ᠂ ᠡᠮ᠎ᠡ ᠬᠤᠨᠢ ᠪᠠ ᠬᠤᠷᠠᠭ᠎ᠠ ᠪᠠᠨ ᠭᠤᠯᠣᠳᠠᠭ ᠡᠮ᠎ᠡ ᠬᠤᠨᠢ ᠳᠤ ᠬᠥᠬᠦᠭᠦᠯ | ᠬᠤᠨᠢ ᠪᠤᠶᠤ ᠬᠥᠮᠥᠨ ᠤ ᠬᠦᠴᠦ ᠪᠠᠷ ᠬᠠᠪᠰᠤᠷᠤᠨ ᠬᠥᠬᠦᠭᠦᠯᠬᠦ ᠬᠡᠷᠡᠭᠲᠡᠢ᠃ | 5. ᠡᠮ᠎ᠡ ᠬᠤᠨᠢ ᠪᠠ ᠬᠤᠷᠠᠭ᠎ᠠ ᠶᠢ ᠠᠰ ᠲᠤᠨᠢ ᠲᠡᠵᠢᠭᠡᠬᠦ | ᠬᠤᠷᠠᠭ᠎ᠠ ᠢᠰᠢᠭᠡ ᠶᠢ ᠲᠥᠷᠥᠭᠰᠡᠨ ᠤ ᠳᠠᠷᠠᠭ᠎ᠠ᠂ ᠬᠤᠷᠠᠭᠠᠯᠠᠭᠰᠠᠨ ᠬᠤᠨᠢ ᠪᠠ ᠬᠤᠷᠠᠭ᠎ᠠ ᠪᠠᠨ ᠪᠤᠰᠤᠳ | ᠬᠤᠨᠢ ᠠᠴᠠ ᠰᠠᠯᠭᠠᠵᠤ᠂ ᠨᠠᠭᠠᠲᠤ ᠵᠠᠬ᠎ᠠ ᠳᠠᠭᠠᠨ 24 ᠴᠠᠭ ᠢᠶᠠᠷ ᠠᠰ ᠲᠤᠨᠢ ᠲᠡᠵᠢᠭᠡᠵᠦ᠂ ᠪᠤᠰᠤᠳ ᠬᠤᠨᠢᠨ ᠤ | ᠦᠨᠦᠷ ᠢᠶᠠᠷ ᠡᠮ᠎ᠡ ᠬᠤᠨᠢᠨ ᠤ ᠮᠠᠭᠠᠳᠯᠠᠯᠲᠠ ᠶᠢ ᠬᠠᠷᠰᠢᠯᠠᠵᠤ᠂ ᠡᠮ᠎ᠡ ᠬᠤᠨᠢ ᠨᠢ ᠬᠤᠷᠠᠭ᠎ᠠ ᠪᠠᠨ ᠬᠥᠬᠦᠭᠦᠯᠬᠦ ᠳᠤᠷ᠎ᠠ | ᠦᠭᠡᠢ ᠭᠤᠯᠣᠬᠤ ᠠᠴᠠ ᠰᠡᠷᠭᠡᠶᠢᠯᠡᠨ᠎ᠡ᠃ | 6. ᠲᠡᠵᠢᠭᠡᠯ ᠪᠣᠷᠳᠤᠭ᠎ᠠ ᠨᠥᠬᠦᠪᠦᠷᠢᠯᠡᠬᠦ ᠪᠠ ᠡᠪᠡᠰᠦ ᠪᠣᠷᠳᠤᠭ᠎ᠠ ᠢᠳᠡᠬᠦ ᠶᠢ ᠪᠣᠯᠪᠠᠰᠤᠷᠠᠭᠤᠯᠬᠤ | ᠬᠤᠷᠠᠭ᠎ᠠ ᠢᠰᠢᠭᠡ ᠲᠥᠷᠥᠭᠡᠳ ᠬᠠᠭᠠᠰ ᠰᠠᠷ᠎ᠠ ᠪᠣᠯᠤᠭᠰᠠᠨ ᠤ ᠳᠠᠷᠠᠭ᠎ᠠ ᠡᠪᠡᠰᠦ ᠪᠣᠷᠳᠤᠭ᠎ᠠ ᠢᠳᠡᠭᠦᠯᠬᠦ | ᠪᠣᠯᠪᠠᠰᠤᠷᠠᠯ ᠬᠢᠬᠦ ᠬᠡᠷᠡᠭᠲᠡᠢ᠃ ᠡᠬᠢᠨ ᠳᠡᠭᠡᠨ ᠴᠢᠨᠠᠭᠰᠠᠨ ᠰᠢᠷ᠎ᠠ ᠯᠤᠤᠪᠠᠩ᠂ ᠨᠣᠭᠤᠭᠠᠨ ᠤ ᠨᠠᠪᠴᠢ ᠪᠠ ᠴᠢᠨᠠᠷ | ᠰᠠᠶᠢᠲᠠᠢ ᠨᠣᠭᠤᠭᠠᠨ ᠡᠪᠡᠰᠦ ᠶᠢ ᠪᠠᠭ᠎ᠠ ᠰᠠᠭ᠎ᠠ ᠢᠳᠡᠭᠦᠯᠵᠦ᠂ ᠪᠤᠯᠭᠤᠭᠰᠠᠨ ᠬᠠᠷ᠎ᠠ ᠪᠤᠷᠴᠠᠭ᠂ ᠪᠤᠷᠴᠠᠭ ᠤᠨ ᠪᠣᠣᠪᠤ᠂ | ᠡᠷᠳᠡᠨᠢ ᠰᠢᠰᠢ᠂ ᠰᠢᠰᠢ ᠵᠡᠷᠭᠡ ᠬᠤᠯᠢᠮᠠᠭ ᠪᠣᠷᠳᠤᠭ᠎ᠠ ᠳᠤ ᠠᠭᠠᠵᠢᠮ ᠢᠶᠠᠷ ᠰᠢᠯᠵᠢᠨ ᠣᠷᠣᠨ᠎ᠠ᠃ | 7. ᠸᠠᠺᠼᠢᠨ ᠤ ᠲᠠᠷᠢᠯᠭ᠎ᠠ | ᠬᠤᠷᠠᠭ᠎ᠠ ᠢᠰᠢᠭᠡ ᠶᠢ ᠲᠥᠷᠥᠭᠰᠡᠨ ᠤ ᠳᠠᠷᠠᠭ᠎ᠠ ᠴᠠᠭ ᠲᠤᠬᠠᠢ ᠳᠤᠨᠢ ᠸᠠᠺᠼᠢᠨ ᠤ ᠲᠠᠷᠢᠯᠭ᠎ᠠ ᠬᠢᠬᠦ ᠬᠡᠷᠡᠭᠲᠡᠢ᠂ | ᠵᠢᠱᠢᠶᠡᠯᠡᠪᠡᠯ ᠭᠤᠷᠪᠠ ᠶᠢ ᠬᠤᠯᠪᠣᠵᠤ ᠳᠥᠷᠪᠡ ᠶᠢ ᠰᠡᠷᠭᠡᠶᠢᠯᠡᠬᠦ ᠸᠠᠺᠼᠢᠨ ᠤ ᠲᠠᠷᠢᠯᠭ᠎ᠠ ᠬᠢᠵᠦ᠂ ᠦᠷᠭᠦᠯᠵᠢ | ᠲᠣᠬᠢᠶᠠᠯᠳᠤᠬᠤ ᠬᠠᠯᠳᠠᠪᠤᠷᠢᠲᠤ ᠡᠪᠡᠳᠴᠢᠨ ᠢ ᠰᠡᠷᠭᠡᠶᠢᠯᠡᠨ᠎ᠡ᠃ | 8. ᠵᠣᠬᠢᠰᠲᠠᠢ ᠬᠥᠳᠡᠯᠭᠡᠭᠡᠨ ᠬᠢᠬᠦ | ᠬᠤᠷᠠᠭ᠎ᠠ ᠢᠰᠢᠭᠡ ᠲᠥᠷᠥᠭᠡᠳ 7 — 10 ᠡᠳᠦᠷ ᠪᠣᠯᠤᠭᠰᠠᠨ ᠤ ᠳᠠᠷᠠᠭ᠎ᠠ ᠬᠠᠰᠢᠶᠠᠨ ᠤ ᠭᠠᠳᠠᠨ᠎ᠠ | ᠨᠡᠷᠡᠨ ᠳᠤ ᠡᠭᠡᠭᠡᠵᠦ᠂ ᠠᠭᠠᠵᠢᠮ ᠢᠶᠠᠷ ᠨᠡᠷᠡᠨ ᠳᠤ ᠡᠭᠡᠭᠡᠬᠦ ᠴᠠᠭ ᠢ ᠤᠷᠲᠤᠳᠬᠠᠵᠤ᠂ ᠠᠷᠤᠭ ᠶᠠᠰᠤᠨ ᠤ ᠪᠤᠶᠢᠵᠢᠯᠲᠠ | ᠪᠠ ᠭᠠᠳᠠᠭᠠᠳᠤ ᠣᠷᠴᠢᠨ ᠳᠤ ᠵᠣᠬᠢᠴᠠᠬᠤ ᠶᠢ ᠠᠬᠢᠭᠤᠯᠤᠨ᠎ᠠ᠃ |