ᠬᠤᠨᠢ ᠲᠡᠵᠢᠭᠡᠬᠦ ᠮᠡᠷᠭᠡᠵᠢᠯ᠄ ᠬᠤᠨᠢᠨ ᠤ ᠡᠪᠡᠳᠴᠢᠨ ᠤ ᠲᠤᠬᠠᠢ ᠤᠷᠠᠨ ᠠᠵᠢᠭᠯᠠᠯᠲᠠ
ᠨᠡᠶᠢᠲᠡᠯᠡᠭᠰᠡᠨ ᠴᠠᠭ᠄
2024/9/2
   ᠬᠤᠨᠢᠨ ᠤ ᠡᠪᠡᠳᠴᠢᠨ ᠡᠮᠭᠡᠭ ᠢ ᠡᠰᠡᠷᠭᠦᠴᠡᠬᠦ ᠴᠢᠳᠠᠪᠤᠷᠢ ᠨᠢ ᠨᠡᠯᠢᠶᠡᠳ ᠰᠠᠶᠢᠨ᠂ ᠡᠪᠡᠳᠴᠢᠨ ᠤ ᠡᠬᠢᠨ ᠤ ᠢᠯᠡᠷᠡᠯ ᠨᠢ ᠲᠡᠶᠢᠮᠦ ᠢᠯᠡᠷᠬᠡᠢ ᠪᠢᠰᠢ ᠪᠠᠶᠢᠵᠤ᠂ ᠴᠠᠭ ᠲᠤᠬᠠᠢ ᠳᠤᠨᠢ ᠣᠯᠵᠤ ᠮᠡᠳᠡᠬᠦ ᠳᠤ ᠬᠦᠴᠢᠷ᠂ ᠭᠡᠪᠡᠴᠦ ᠡᠪᠡᠳᠴᠢᠯᠡᠪᠡᠯ ᠡᠪᠡᠳᠴᠢᠨ ᠤ ᠪᠠᠶᠢᠳᠠᠯ ᠨᠢ ᠨᠡᠯᠢᠶᠡᠳ ᠬᠦᠨᠳᠦ ᠪᠠᠶᠢᠳᠠᠭ᠃ ᠡᠶᠢᠮᠦ ᠠᠴᠠ ᠬᠤᠨᠢᠨ ᠤ ᠡᠪᠡᠳᠴᠢᠨ ᠢ ᠴᠠᠭ ᠲᠤᠬᠠᠢ ᠳᠤᠨᠢ ᠣᠯᠵᠤ ᠮᠡᠳᠡᠨ᠂ ᠴᠠᠭ ᠲᠤᠬᠠᠢ ᠳᠤᠨᠢ ᠤᠷᠢᠳᠴᠢᠯᠠᠨ ᠰᠡᠷᠭᠡᠶᠢᠯᠡᠬᠦ ᠪᠠ ᠡᠮᠨᠡᠨ ᠵᠠᠰᠠᠬᠤ ᠨᠢ ᠮᠠᠰᠢ ᠴᠢᠬᠤᠯᠠ ᠶᠤᠮ᠃ ᠳᠣᠣᠷ᠎ᠠ ᠣᠯᠠᠨ ᠳᠤ ᠬᠤᠨᠢᠨ ᠤ ᠡᠪᠡᠳᠴᠢᠨ ᠢ ᠠᠵᠢᠭᠯᠠᠬᠤ ᠠᠷᠭ᠎ᠠ ᠶᠢ ᠲᠠᠨᠢᠯᠴᠠᠭᠤᠯᠤᠶ᠎ᠠ᠃    1. ᠤᠩᠭᠠᠰᠤ ᠪᠠ ᠰᠢᠮ᠎ᠡ ᠲᠡᠵᠢᠭᠡᠯ ᠢᠶᠠᠷ ᠢᠯᠭᠠᠨ᠎ᠠ    ᠡᠷᠡᠭᠦᠯ ᠴᠢᠭᠢᠷᠠᠭ ᠬᠤᠨᠢ ᠲᠠᠷᠭᠤ ᠰᠠᠶᠢᠲᠠᠢ᠂ ᠬᠦᠳᠡᠷ ᠴᠢᠭᠢᠷᠠᠭ ᠪᠡᠶ᠎ᠡ ᠲᠠᠢ ᠪᠥᠭᠡᠳ ᠤᠩᠭᠠᠰᠤ ᠨᠢ ᠥᠩᠭᠡ ᠲᠠᠢ ᠰᠠᠶᠢᠬᠠᠨ ᠪᠠᠶᠢᠳᠠᠭ᠃ ᠡᠪᠡᠳᠴᠢᠨ ᠲᠠᠢ ᠬᠤᠨᠢᠨ ᠤ ᠪᠡᠶ᠎ᠡ ᠨᠢ ᠳᠣᠷᠣᠢ᠂ ᠤᠩᠭᠠᠰᠤ ᠨᠢ ᠪᠦᠳᠦᠭᠦᠨ᠂ ᠰᠡᠭᠰᠡᠭᠡᠷ᠂ ᠲᠠᠰᠤᠷᠠᠮᠠᠳᠠᠭᠠᠢ᠂ ᠥᠩᠭᠡ ᠦᠭᠡᠢ ᠪᠠᠶᠢᠳᠠᠭ᠃    2. ᠴᠤᠭ ᠰᠦᠯᠳᠡ ᠪᠠᠶᠢᠬᠤ ᠡᠰᠡᠬᠦ ᠪᠠᠷ ᠢᠯᠭᠠᠨ᠎ᠠ    ᠡᠷᠡᠭᠦᠯ ᠴᠢᠭᠢᠷᠠᠭ ᠬᠤᠨᠢᠨ ᠤ ᠨᠢᠳᠦ ᠨᠢ ᠬᠤᠷᠴᠠ ᠰᠠᠷᠠᠭᠤᠯ᠂ ᠠᠯᠤᠰ ᠢ ᠲᠣᠳᠣ ᠬᠠᠷᠠᠵᠤ᠂ ᠰᠣᠨᠣᠷ ᠬᠤᠷᠴᠠ ᠪᠠᠶᠢᠵᠤ᠂ ᠮᠠᠯ ᠬᠠᠷᠢᠭᠤᠯᠬᠤ ᠳᠠᠭᠤᠳᠠᠯᠭ᠎ᠠ ᠶᠢ ᠰᠠᠶᠢᠨ ᠰᠣᠨᠣᠰᠴᠤ ᠳᠡᠶᠢᠯᠳᠡᠭ᠃ ᠡᠪᠡᠰᠦ ᠢᠳᠡᠬᠦ ᠳᠡᠭᠡᠨ ᠲᠦᠷᠦᠭᠦᠯᠡᠨ ᠪᠤᠯᠢᠶᠠᠯᠳᠤᠨ ᠢᠳᠡᠨ᠎ᠡ᠃ ᠡᠪᠡᠳᠴᠢᠨ ᠲᠠᠢ ᠬᠤᠨᠢ ᠪᠣᠯ ᠴᠤᠭ ᠰᠦᠯᠳᠡ ᠦᠭᠡᠢ ᠪᠣᠯᠵᠤ᠂ ᠲᠣᠯᠣᠭᠠᠢ ᠥᠨᠳᠡᠶᠢᠬᠦ ᠳᠤᠷ᠎ᠠ ᠦᠭᠡᠢ᠂ ᠰᠣᠨᠣᠷ ᠮᠠᠭᠤᠳᠠᠨ᠂ ᠬᠠᠷᠠᠭ᠎ᠠ ᠮᠠᠭᠤᠳᠠᠬᠤ ᠪᠤᠶᠤ ᠨᠢᠰᠤ ᠨᠢᠯᠪᠤᠰᠤ ᠪᠠᠨ ᠭᠤᠭᠤᠵᠢᠭᠤᠯᠤᠨ᠂ ᠠᠯᠬᠤᠬᠤ ᠳᠠᠭᠠᠨ ᠤᠳᠠᠭᠠᠨ ᠪᠠᠶᠢᠵᠤ᠂ ᠬᠦᠨᠳᠦ ᠨᠢ ᠰᠦᠷᠦᠭ ᠠᠴᠠ ᠪᠠᠨ ᠰᠠᠯᠵᠤ ᠬᠤᠴᠣᠷᠳᠠᠭ᠃    3. ᠬᠠᠮᠠᠷ ᠢᠶᠠᠷ ᠨᠢ ᠢᠯᠭᠠᠨ᠎ᠠ    ᠡᠷᠡᠭᠦᠯ ᠴᠢᠭᠢᠷᠠᠭ ᠬᠤᠨᠢᠨ ᠤ ᠬᠠᠮᠠᠷ ᠨᠢ ᠨᠦᠢᠲᠠᠨ᠂ ᠭᠥᠯᠢᠭᠡᠷ᠂ ᠦᠷᠭᠦᠯᠵᠢ ᠨᠠᠷᠢᠬᠠᠨ ᠤᠰᠤᠨ ᠲᠣᠰᠣᠯ ᠪᠠᠶᠢᠳᠠᠭ᠃ ᠬᠡᠷᠪᠡ ᠬᠠᠮᠠᠷ ᠨᠢ ᠬᠠᠭᠤᠷᠠᠢ᠂ ᠭᠥᠯᠢᠭᠡᠷ ᠪᠢᠰᠢ᠂ ᠥᠩᠭᠡᠨ ᠲᠠᠯ᠎ᠠ ᠨᠢ ᠠᠷᠵᠠᠭᠠᠷ ᠪᠣᠯ ᠡᠪᠡᠳᠴᠢᠨ ᠣᠯᠣᠭᠰᠠᠨ ᠤ ᠰᠢᠨᠵᠢ ᠲᠡᠮᠳᠡᠭ ᠮᠥᠨ᠃    4. ᠬᠡᠪᠢᠬᠦ ᠪᠠᠷ ᠢᠯᠭᠠᠨ᠎ᠠ    ᠡᠩ ᠤᠨ ᠪᠠᠶᠢᠳᠠᠯ ᠳᠤ ᠬᠤᠨᠢ ᠢᠳᠡᠰᠢᠯᠡᠭᠡᠳ 30 ~ 50 ᠮᠢᠨᠦ᠋ᠲ ᠤᠨ ᠳᠠᠷᠠᠭ᠎ᠠ ᠠᠮᠠᠷᠠᠭᠠᠳ ᠠᠩᠬ᠎ᠠ ᠤᠳᠠᠭ᠎ᠠ ᠬᠡᠪᠢᠳᠡᠭ᠃ ᠬᠡᠪᠢᠬᠦ ᠪᠣᠯ ᠡᠷᠡᠭᠦᠯ ᠴᠢᠭᠢᠷᠠᠭ ᠬᠤᠨᠢᠨ ᠤ ᠴᠢᠬᠤᠯᠠ ᠰᠢᠨᠵᠢ ᠲᠡᠮᠳᠡᠭ ᠮᠥᠨ᠃ ᠬᠡᠪᠢᠬᠦ ᠢᠳᠡᠭᠡᠨ ᠤ ᠪᠥᠭᠡᠮ ᠪᠦᠷᠢ ᠶᠢ 50 — 60 ᠤᠳᠠᠭ᠎ᠠ ᠵᠠᠵᠢᠯᠵᠤ᠂ ᠤᠳᠠᠭ᠎ᠠ ᠪᠦᠷᠢ 30 — 60 ᠮᠢᠨᠦ᠋ᠲ ᠦᠷᠭᠦᠯᠵᠢᠯᠡᠵᠦ᠂ 24 ᠴᠠᠭ ᠤᠨ ᠳᠣᠲᠣᠷ᠎ᠠ 4 — 8 ᠤᠳᠠᠭ᠎ᠠ ᠬᠡᠪᠢᠳᠡᠭ᠃    ᠬᠡᠪᠢᠭᠰᠡᠨ ᠤ ᠳᠠᠷᠠᠭ᠎ᠠ ᠬᠤᠳᠣᠭᠤᠳᠤᠨ ᠳᠣᠲᠣᠷᠠᠬᠢ ᠬᠡᠢ ᠪᠡᠶᠡᠲᠦ ᠶᠢ ᠠᠮᠠᠨ ᠬᠥᠨᠳᠡᠢ ᠪᠠᠷ ᠪᠡᠶ᠎ᠡ ᠶᠢᠨ ᠭᠠᠳᠠᠨ᠎ᠠ ᠠᠴᠠ ᠭᠠᠳᠠᠭᠰᠢᠯᠠᠭᠤᠯᠤᠨ᠎ᠠ᠂ ᠳᠠᠷᠤᠢ ᠬᠡᠬᠡᠷᠡᠨ᠎ᠡ᠃ ᠡᠷᠡᠭᠦᠯ ᠬᠤᠨᠢᠨ ᠤ ᠬᠡᠬᠡᠷᠡᠬᠦ ᠨᠢ ᠴᠠᠭ ᠪᠦᠷᠢ 10 ~ 12 ᠤᠳᠠᠭ᠎ᠠ ᠪᠠᠶᠢᠵᠤ᠂ ᠡᠪᠡᠳᠴᠢᠨ ᠲᠠᠢ ᠬᠤᠨᠢᠨ ᠤ ᠬᠡᠪᠢᠬᠦ ᠪᠠ ᠬᠡᠬᠡᠷᠡᠬᠦ ᠶᠢᠨ ᠤᠳᠠᠭ᠎ᠠ ᠲᠤᠭ᠎ᠠ ᠨᠢ ᠴᠥᠭᠡᠷᠡᠵᠦ᠂ ᠬᠦᠴᠦ ᠲᠠᠮᠢᠷ ᠦᠭᠡᠢ ᠪᠣᠯᠬᠤ ᠪᠤᠶᠤ ᠴᠢᠨᠠᠭᠰᠢᠯᠠᠪᠠᠯ ᠵᠣᠭᠰᠣᠳᠠᠭ᠃ ᠡᠪᠡᠳᠴᠢᠨ ᠲᠠᠢ ᠬᠤᠨᠢ ᠶᠢ ᠡᠮᠨᠡᠨ ᠵᠠᠰᠠᠬᠤ ᠪᠠᠷ ᠳᠠᠮᠵᠢᠨ ᠬᠡᠪᠢᠬᠦ ᠪᠠ ᠭᠡᠭᠡᠷᠡᠬᠦ ᠨᠢ ᠡᠷᠡᠭᠦᠯᠵᠢᠬᠦ ᠶᠢᠨ ᠴᠢᠬᠤᠯᠠ ᠰᠢᠨᠵᠢ ᠲᠡᠮᠳᠡᠭ ᠪᠣᠯᠣᠨ᠎ᠠ᠃    5. ᠠᠷᠠᠰᠤᠨ ᠤ ᠥᠩᠭᠡ ᠪᠠᠷ ᠢᠯᠭᠠᠨ᠎ᠠ    ᠬᠤᠨᠢᠨ ᠤ ᠠᠷᠠᠰᠤ ᠨᠢ ᠦᠰᠦᠨ ᠤ ᠤᠭ ᠤᠨ ᠪᠤᠶᠤ ᠰᠤᠭᠤᠨ ᠤ ᠳᠣᠣᠷ᠎ᠠ ᠬᠡᠰᠡᠭ ᠲᠤ ᠶᠡᠷᠦ ᠳᠡᠭᠡᠨ ᠶᠠᠭᠠᠨ ᠤᠯᠠᠭᠠᠨ ᠥᠩᠭᠡ ᠲᠠᠢ ᠪᠠᠶᠢᠳᠠᠭ᠂ ᠬᠡᠷᠪᠡ ᠥᠩᠭᠡ ᠨᠢ ᠴᠠᠶᠢᠪᠤᠷ ᠪᠤᠶᠤ ᠴᠢᠰ ᠤᠯᠠᠭᠠᠨ ᠪᠣᠯ ᠴᠥᠮ ᠡᠪᠡᠳᠴᠢᠨ ᠤ ᠰᠢᠨᠵᠢ ᠲᠡᠮᠳᠡᠭ ᠮᠥᠨ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号