ᠲᠦᠴᠢᠦᠸᠠᠨ ᠪᠠᠯᠭᠠᠰᠤ ᠭᠤᠸᠠ ᠵᠢᠮᠢᠰ ᠬᠦᠷᠢᠶᠡᠯᠡᠩ ᠲᠦᠭᠦᠷᠴᠦ ᠠᠮᠤ ᠪᠤᠳᠠᠭ᠎ᠠ ᠬᠥᠮᠥᠷᠭᠡ ᠳᠦᠭᠦᠷᠡᠩ ᠡᠯᠪᠡᠭ ᠬᠤᠷᠢᠶᠠᠯᠳᠠ ᠶᠢᠨ ᠦᠩᠭᠡ ᠦᠵᠡᠮᠵᠢ ᠶᠢ ᠵᠢᠷᠤᠭᠯᠠᠨ᠎ᠠ
ᠨᠡᠶᠢᠲᠡᠯᠡᠭᠰᠡᠨ ᠴᠠᠭ᠄
2024/9/24
   ᠰᠢᠨ ᠱᠧᠩ ᠲᠣᠰᠬᠤᠨ ᠤ ᠦᠵᠦᠮ ᠣᠷᠢᠶᠠᠩᠭᠤ ᠲᠡᠭᠡᠷ᠎ᠡ ᠲᠦᠭᠦᠷᠡᠳᠡᠯ᠎ᠡ ᠰᠠᠭᠤᠵᠦ᠂ ᠯᠢ ᠰᠢᠨ ᠲᠣᠰᠬᠤᠨ ᠤ ᠯᠢ ᠽᠢ ᠮᠥᠴᠢᠷ ᠳᠠᠷᠤᠵᠤ᠂ ᠫᠢᠩ ᠶᠤᠸᠠᠨ ᠲᠣᠰᠬᠤᠨ ᠤ ᠠᠯᠳᠠᠨ ᠰᠢᠷᠭᠠᠯ ᠨᠠᠷᠢᠮᠤ ᠬᠠᠳᠤᠵᠤ ᠬᠠᠷᠢᠶᠠᠨ ᠡᠬᠢᠯᠡᠪᠡ᠃ ᠲᠦᠴᠢᠦᠸᠠᠨ ᠤ ᠡᠬᠡ ᠭᠠᠵᠠᠷ ᠤᠨ ᠦᠩ ᠰᠢᠮᠡᠯᠢᠭ ᠬᠥᠷᠥᠰᠥᠨ ᠳᠡᠭᠡᠷ᠎ᠡ᠂ ᠲᠠᠷᠢᠶᠠᠯᠠᠩ ᠤᠨ ᠮᠠᠰᠢᠨ ᠵᠢᠭᠳᠡᠷᠡᠨ᠂ ᠪᠤᠭᠤᠳᠠᠢ ᠶᠢᠨ ᠦᠨᠦᠷ ᠬᠠᠩᠬᠤᠯᠵᠤ᠂ ᠭᠤᠸᠠ ᠵᠢᠮᠢᠰ  ᠬᠦᠷᠢᠶᠡᠯᠡᠩ ᠳᠦᠭᠦᠷᠡᠩ᠂ ᠨᠢᠭᠡ ᠰᠦᠷᠯᠢᠭ ᠰᠠᠶᠢᠬᠠᠨ ᠨᠠᠮᠤᠷ  ᠤᠨ ᠬᠤᠷᠢᠶᠠᠯᠲᠠ ᠶᠢᠨ ᠵᠢᠷᠤᠭ ᠲᠠᠷᠢᠶᠠᠨ ᠭᠠᠵᠠᠷ ᠲᠤ ᠠᠯᠭᠤᠷᠬᠠᠨ ᠳᠡᠯᠭᠡᠭᠳᠡᠪᠡ᠃
  ᠠᠮᠤ ᠪᠤᠳᠠᠭᠠᠨ ᠤ ᠠᠩᠬᠢᠯᠤᠮ᠎ᠠ ᠦᠨᠦᠷ ᠬᠠᠩᠬᠤᠯᠤᠭᠰᠠᠨ ᠨᠠᠮᠤᠷ ᠤᠨ ᠰᠠᠯᠬᠢ ᠰᠡᠷᠢᠭᠦᠨ    ᠨᠡᠷᠡᠨ ᠤ ᠭᠡᠷᠡᠯ ᠡᠭᠦᠯᠡᠨ ᠳᠠᠪᠬᠤᠷᠭ᠎ᠠ ᠶᠢᠨ ᠵᠠᠪᠰᠠᠷ ᠢ ᠨᠡᠪᠲᠡᠯᠦᠨ᠂ ᠬᠡᠭᠡᠷ᠎ᠡ ᠲᠠᠯ᠎ᠠ ᠶᠢ ᠭᠡᠶᠢᠭᠦᠯᠦᠨ᠎ᠡ᠃ ᠲᠦᠴᠢᠦᠸᠠᠨ ᠪᠠᠯᠭᠠᠰᠤᠨ ᠤ ᠫᠢᠩ ᠶᠤᠸᠠᠨ ᠲᠣᠰᠬᠤᠨ ᠤ ᠥᠷᠭᠡᠨ ᠠᠭᠤᠳᠠᠮ ᠨᠠᠷᠢᠮᠦ ᠶᠢᠨ ᠲᠠᠷᠢᠶᠠᠨ ᠳᠤ ᠣᠷᠣᠪᠠᠯ᠂ ᠬᠡᠰᠡᠭ ᠮᠥᠬᠦᠯᠢᠭ ᠨᠠᠷᠢᠮᠤ ᠨᠢ ᠰᠢᠷ᠎ᠠ ᠨᠣᠭᠤᠭᠠᠨ ᠠᠯᠠᠭᠯᠠᠭᠰᠠᠨ ᠳᠠᠯᠠᠢ ᠲᠠᠩᠭᠢᠰ ᠮᠡᠳᠤ᠃ ᠨᠠᠷᠢᠮᠤ ᠶᠢᠨ ᠲᠦᠷᠦᠭᠦᠦ ᠳᠣᠷᠣᠭᠰᠢ ᠤᠨᠵᠢᠢᠵᠤ᠂ ᠨᠡᠷᠡᠨ ᠤ ᠬᠡᠷᠡᠯ ᠳᠣᠤᠷ᠎ᠠ ᠠᠯᠲᠠᠨ ᠰᠢᠷᠭᠠᠯ ᠬᠡᠷᠡᠯ ᠰᠠᠴᠤᠷᠠᠨ᠎ᠠ᠃ ᠤᠷᠢᠬᠠᠨ ᠰᠠᠯᠬᠢ ᠢᠯᠪᠢᠵᠦ᠂ ᠨᠠᠷᠢᠮᠦ ᠶᠢᠨ ᠲᠦᠷᠦᠭᠦᠤ ᠳᠠᠪᠠᠯᠭᠠᠯᠠᠨ᠂ ᠶᠠᠭ ᠡᠯᠪᠡᠭ ᠬᠤᠷᠢᠶᠠᠯᠲᠠ ᠶᠢᠨ ᠮᠠᠭᠲᠠᠭᠠᠯ ᠤᠨ ᠳᠠᠭᠤᠤ ᠶᠢ ᠬᠥᠭᠵᠢᠮᠳᠡᠵᠦ ᠪᠠᠶᠢᠭ᠎ᠠ ᠮᠡᠲᠦ᠃ ᠨᠠᠷᠢᠮᠤ ᠶᠢᠨ ᠲᠠᠷᠢᠶᠠᠨ ᠳᠤ᠂ ᠨᠢᠭᠡᠨ ᠬᠠᠳᠤᠵᠤ ᠬᠤᠷᠢᠶᠠᠬᠤ ᠮᠠᠰᠢᠨ ᠬᠦᠷᠴᠢᠭᠢᠨᠡᠵᠦ ᠂ ᠲᠠᠷᠢᠶᠠᠨ ᠭᠠᠵᠠᠷ ᠲᠤ ᠨᠠᠰᠢ ᠴᠠᠰᠢ ᠰᠦᠯᠵᠢᠯᠳᠦᠵᠦ᠂ ᠪᠣᠯᠪᠠᠰᠤᠷᠠᠭᠰᠠᠨ ᠨᠠᠷᠢᠮᠤ ᠶᠢ ᠬᠤᠷᠢᠶᠠᠵᠤ᠂ ᠬᠠᠳᠠᠭᠠᠬᠤ ᠨᠢᠭᠡ ᠯᠡ ᠠᠮᠢᠰᠬᠤᠭ᠎ᠠ ᠪᠠᠷ ᠪᠡᠶᠡᠯᠡᠭᠳᠡᠵᠦ᠂ ᠲᠠᠷᠢᠶᠠᠨ ᠭᠠᠵᠠᠷ ᠲᠤ ᠵᠥᠪᠬᠡᠨ ᠮᠥᠷ ᠮᠥᠷ ᠲᠡᠷᠢ ᠲᠡᠭᠰᠢ ᠨᠠᠷᠢᠮᠤ ᠶᠢᠨ ᠭᠤᠤᠷᠰᠤ ᠪᠠ ᠬᠠᠳᠤᠭᠰᠠᠨ ᠨᠠᠷᠢᠮᠤ ᠶᠢᠨ ᠲᠦᠷᠦᠭᠦᠦ ᠯᠡ ᠦᠯᠡᠳᠡᠵᠡᠶ᠃
   ︽ᠦᠷ᠎ᠡ ᠰᠣᠩᠭᠤᠬᠤ᠂ ᠳᠠᠷᠢᠬᠤ᠂ ᠪᠣᠷᠲᠣᠭᠤᠷ ᠣᠷᠣᠭᠤᠯᠬᠤ ᠠᠴᠠ ᠠᠪᠤᠭᠠᠳ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠬᠦᠷᠲᠡᠯ᠎ᠡ᠂ ᠨᠠᠷᠢᠮᠤ ᠨᠢᠭᠡᠪᠦᠷᠢ ᠶᠢᠨ ᠦᠰᠦᠨ ᠪᠣᠶᠢᠵᠢᠯᠲᠠ ᠶᠢ ᠪᠥᠬᠦ ᠶᠠᠪᠤᠴᠠ ᠳᠤ ᠮᠥᠷᠳᠡᠵᠦ᠂ ᠨᠠᠷᠢᠨ ᠨᠢᠮᠪᠠᠶ ᠬᠠᠮᠠᠭᠠᠯᠠᠪᠠ᠃︾ ᠭᠡᠵᠦ ᠲᠦᠴᠢᠦᠸᠠᠨ ᠰᠢᠶᠠᠨ ᠤ ᠶᠠᠨ ᠯᠢᠶᠠᠩ ᠲᠠᠷᠢᠶᠠᠯᠠᠩ ᠤᠨ ᠮᠠᠰᠢᠨᠴᠢᠯᠠᠯᠲᠠ ᠶᠢᠨ ᠲᠠᠷᠢᠮᠠᠯ ᠤᠨ ᠲᠤᠰᠬᠠᠶ ᠬᠤᠷᠰᠢᠶ᠎ᠠ ᠶᠢᠨ ᠳᠠᠭᠠᠭᠠᠮᠠᠯ ᠭᠤᠤ ᠭᠦᠸᠧ ᠶᠠᠨ ᠲᠠᠨᠢᠯᠴᠠᠭᠤᠯᠪᠠ᠃ 2024 ᠣᠨ ᠳᠤ᠂ ᠬᠤᠷᠰᠢᠶ᠎ᠠ ᠶᠢᠨ ᠬᠢᠨ ᠪᠦᠬᠦ ᠶᠠᠪᠤᠴᠠ ᠪᠠᠷ 1.1 ᠲᠦᠮᠡᠨ ᠮᠦ ᠨᠠᠷᠢᠮᠦ ᠶᠢ ᠨᠠᠶᠢᠳᠠᠨ ᠬᠠᠮᠢᠶᠠᠷᠤᠭᠤᠯᠵᠤ᠂ 5 ᠲᠤᠮᠤ ᠬᠡᠯᠪᠡᠷᠢ ᠶᠢᠨ ᠮᠠᠰᠢᠨ ᠮᠧᠬᠠᠨᠢᠭ ᠢ ᠵᠡᠷᠭᠡ ᠪᠠᠷ ᠨᠠᠷᠢᠮᠤ ᠶᠢ ᠬᠠᠳᠤᠵᠤ ᠬᠠᠳᠠᠭᠠᠬᠤ ᠠᠵᠢᠯ ᠬᠢᠵᠦ᠂ ᠡᠳᠦᠷ ᠪᠦᠷᠢ ᠪᠠᠷᠤᠭ 1000 ᠮᠦ ᠬᠠᠳᠤᠵᠤ ᠬᠤᠷᠢᠶᠠᠨ᠂ ᠠᠮᠤ ᠪᠤᠳᠠᠭᠠᠨ ᠤ ᠤᠷᠭᠤᠴᠠ ᠪᠠᠶᠠᠷᠯᠠᠭᠤᠰᠢᠲᠠᠢ ᠪᠠᠶᠢᠵᠤ᠂ ᠮᠦ ᠪᠦᠷᠢ ᠶᠢᠨ ᠤᠨᠠᠯᠲᠠ ᠵᠢᠱᠢᠯᠲᠡ ᠪᠠᠷ 700 ᠵᠢᠩ ᠣᠷᠴᠢᠮ ᠪᠠᠶᠢᠨ᠎ᠠ᠃
   ᠲᠦᠴᠢᠦᠸᠠᠨ ᠪᠠᠯᠭᠠᠰᠤ ᠲᠠᠷᠢᠶᠠᠯᠠᠩ ᠤᠨ ᠠᠵᠤ ᠦᠶᠯᠡᠰ ᠤᠨ ᠪᠦᠲᠦᠴᠡ ᠳᠤ ᠢᠳᠡᠪᠬᠢᠲᠡᠶ ᠲᠣᠬᠢᠷᠠᠭᠤᠯᠤᠯᠲᠠ ᠬᠢᠵᠦ᠂ ᠵᠠᠬ᠎ᠠ ᠳᠡᠯᠭᠡᠭᠦᠷ ᠤᠨ ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ᠂ ᠲᠠᠷᠢᠶᠠᠴᠢᠳ ᠤᠨ ᠤᠨᠴᠠᠯᠢᠬᠳᠤ ᠲᠠᠷᠢᠮᠠᠯ ᠲᠠᠷᠢᠵᠦ ᠬᠥᠭᠵᠢᠭᠦᠯᠬᠦ ᠶᠢ ᠵᠣᠷᠢᠭᠵᠢᠭᠤᠯᠤᠨ ᠵᠢᠯᠣᠭᠤᠳᠴᠤ᠂ ᠴᠢᠨᠠᠷ ᠰᠠᠶᠢᠲᠠᠶ ᠨᠠᠷᠢᠮᠤ ᠶᠢᠨ ᠡᠭᠦᠯᠳᠡᠷ ᠢ ᠣᠷᠣᠭᠤᠯᠤᠨ ᠠᠪᠴᠢᠷᠠᠵᠤ᠂ ᠲᠠᠷᠢᠶᠠᠯᠠᠩ ᠤᠨ ᠦᠷ᠎ᠡ ᠠᠰᠢᠭ ᠢᠶᠠᠨ ᠨᠡᠮᠡᠭᠳᠡᠭᠦᠯᠬᠦ ᠪᠠ ᠣᠷᠣᠯᠭ᠎ᠠ ᠪᠠᠨ ᠨᠡᠮᠡᠭᠳᠡᠭᠦᠯᠬᠦ  ᠶᠢ ᠳᠠᠶᠢᠴᠢᠯᠠᠨ᠎ᠠ᠃    ᠠᠮᠳᠠᠳᠤ ᠦᠵᠦᠮ ᠵᠠᠬ᠎ᠠ ᠳᠡᠯᠭᠡᠭᠦᠷ ᠲᠤ ᠭᠠᠷᠪᠠ    ᠲᠦᠴᠢᠦᠸᠠᠨ ᠪᠠᠯᠭᠠᠰᠤᠨ ᠤ ᠰᠢᠨ ᠱᠧᠩ ᠲᠣᠰᠬᠤᠨ ᠤ ᠦᠵᠦᠮ ᠤᠨ ᠬᠦᠷᠢᠶᠡᠯᠡᠩ ᠳᠤ᠂ ᠨᠢᠭᠡ ᠰᠠᠭᠤᠷᠢ ᠰᠠᠭᠤᠷᠢ ᠦᠵᠦᠮ ᠤᠨ ᠣᠷᠢᠶᠠᠩᠭᠤ ᠢᠭ᠍ᠴᠤ ᠰᠠᠬᠤᠯᠢᠭ᠂ ᠬᠡᠯᠬᠢᠶ᠎ᠡ ᠬᠡᠯᠬᠢᠶ᠎ᠡ ᠮᠥᠬᠦᠯᠢᠭ ᠳᠦᠭᠦᠷᠡᠩ᠂ ᠭᠢᠯᠲᠦᠭᠡᠨᠡᠮ᠎ᠡ ᠲᠤᠩᠭᠠᠯᠠᠭ ᠦᠵᠦᠮ ᠣᠷᠢᠶᠠᠩᠭᠤ ᠪᠠᠷ ᠳᠦᠭᠦᠷᠴᠦ᠂ ᠵᠢᠮᠢᠰ ᠤᠨ ᠦᠨᠦᠷ ᠬᠠᠩᠬᠤᠯᠵᠤ᠂ ᠬᠦᠮᠦᠰ ᠤᠨ ᠰᠢᠯᠦᠰᠦ ᠭᠤᠭᠤᠵᠢᠭᠤᠯᠤᠨ᠎ᠠ᠃ ᠦᠵᠦᠮ ᠤᠨ ᠬᠦᠷᠢᠶᠡᠯᠡᠩ ᠳᠤ᠂  ᠲᠠᠷᠢᠶᠠᠴᠢᠳ ᠲᠡᠭᠦᠬᠦ᠂ ᠢᠯᠭᠠᠬᠤ᠂ ᠬᠦᠨᠳᠦ ᠶᠢ ᠬᠡᠮᠵᠢᠬᠦ᠂ ᠪᠣᠭᠤᠳᠠᠯᠯᠠᠬᠤ ᠪᠠᠷ ᠶᠠᠭᠠᠷᠠᠵᠤ᠂ ᠵᠤᠭᠠᠴᠠᠭᠰᠠᠳ ᠥᠪᠡᠷ ᠤᠨ ᠪᠡᠶ᠎ᠡ ᠪᠠᠷ ᠢᠶᠠᠨ ᠲᠡᠭᠦᠬᠦ ᠬᠥᠳᠡᠭᠡ ᠨᠤᠲᠤᠭ ᠤᠨ ᠬᠠᠪᠤ ᠴᠡᠩᠭᠡᠯ ᠢ ᠡᠳ᠋ᠯᠡᠨ᠎ᠡ᠃ ︽ᠡᠨᠡ ᠦᠵᠦᠮ ᠦᠨᠡᠬᠡᠷ ᠠᠮᠲᠠᠲᠠᠶ᠂ ᠨᠢᠳᠤᠨᠤᠨ ᠪᠢᠳᠡ ᠠᠳᠡ ᠠᠴᠠ ᠬᠤᠳᠠᠯᠳᠤᠨ ᠠᠪᠤᠪᠠ ᠂ ᠡᠨᠡ ᠵᠢᠯ ᠦᠵᠦᠮ ᠪᠤᠯᠪᠠᠰᠤᠷᠠᠭᠰᠠᠨ ᠢ ᠮᠡᠳᠡᠭᠡᠳ ᠪᠢ ᠪᠠᠰᠠ ᠢᠷᠡᠪᠡ᠃︾ ᠭᠡᠵᠦ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠵᠤᠭᠠᠴᠠᠭᠰᠠᠳ ᠢᠤᠢ ᠭᠦᠸᠧ ᠪᠠᠶᠠᠷᠲᠠᠢ ᠬᠡᠯᠡᠨ᠎ᠡ᠃
   ︽ᠣᠲᠣ ᠶᠠᠭ ᠪᠤᠯᠪᠠᠰᠤᠷᠠᠭᠠᠳ ᠬᠤᠳᠠᠯᠳᠤᠵᠦ ᠪᠠᠶᠢᠭ᠎ᠠ ᠪᠣᠯ ︿ᠨᠡᠷᠡᠨ ᠭᠡᠷᠡᠯᠲᠦ ᠰᠠᠷᠭᠠᠶ﹀ ᠪᠠ ︿ᠮᠡᠯᠡᠷᠡᠭ ᠴᠡᠴᠡᠭ﹀ ᠪᠣᠯᠤᠨ᠎ᠠ᠂ ᠪᠢ 5 ᠰᠠᠷᠠᠪᠴᠢ ᠲᠠᠷᠢᠭᠰᠠᠨ᠂ ᠨᠢᠭᠡ ᠵᠢᠯ ᠳᠤ 10 ᠲᠦᠮᠡᠨ ᠲᠥᠭᠦᠷᠢᠭ ᠤᠨ ᠣᠷᠣᠯᠭ᠎ᠠ ᠣᠯᠵᠤ᠂ ᠦᠷ᠎ᠡ ᠠᠰᠢᠭ ᠨᠡᠯᠢᠶᠡᠳ ᠰᠠᠶᠢᠨ ᠪᠠᠶᠢᠨ᠎ᠠ︕︾ ᠭᠡᠵᠦ ᠲᠠᠷᠢᠮᠠᠯ ᠤᠨ ᠡᠷᠦᠬᠡ ᠸᠠᠩ ᠵᠢᠶᠦ᠋ᠨ ᠰᠢᠶᠠ ᠪᠠᠶᠠᠷ ᠤᠨ ᠢᠨᠢᠶᠡᠳᠦ ᠪᠢᠯᠬᠠᠨ᠎ᠠ᠃ ᠲᠡᠷᠡ ᠬᠤᠷᠣᠬᠠᠶ ᠰᠡᠷᠭᠡᠶᠢᠯᠡᠬᠦ ᠲᠣᠤᠷ ᠪᠠ ᠣᠷᠭᠠᠨᠢᠭ ᠪᠣᠷᠲᠣᠭᠤᠷ ᠣᠷᠣᠭᠤᠯᠬᠤ ᠵᠡᠷᠭᠡ ᠣᠷᠭᠠᠨᠢᠭ ᠲᠠᠷᠢᠮᠠᠯ ᠤᠨ ᠵᠠᠭᠪᠤᠷ ᠢ ᠬᠡᠷᠡᠭᠯᠡᠵᠦ᠂ ᠲᠠᠷᠢᠭᠰᠠᠨ ᠦᠵᠦᠮ ᠨᠢ ᠤᠨᠠᠯᠲᠠ ᠪᠠᠷ ᠥᠨᠳᠥᠷ ᠮᠥᠷᠲᠡᠭᠡᠨ ᠴᠢᠨᠠᠷ ᠰᠠᠶᠢᠲᠠᠶ ᠪᠠᠶᠢᠵᠤ᠂ ᠬᠡᠷᠡᠭᠯᠡᠭᠴᠢᠳ ᠤᠨ ᠬᠦᠷᠢᠶᠡᠯᠡᠯ ᠢ ᠣᠯᠵᠤ ᠪᠠᠶᠢᠨ᠎ᠠ᠃
   2000 ᠣᠨ ᠠᠴᠠ ᠡᠬᠢᠯᠡᠨ᠂ ᠲᠦᠴᠢᠦᠸᠠᠨ ᠪᠠᠯᠭᠠᠰᠤᠨ ᠤ ᠰᠢᠨ ᠱᠧᠩ ᠲᠣᠰᠬᠤᠨ ᠤ ᠵᠠᠩ ᠳ᠋ᠢᠩ ᠦᠵᠦᠮ  ᠤᠨ ᠤᠨᠴᠠᠯᠢᠭᠲᠤ ᠠᠵᠤ ᠦᠶᠯᠡᠰ ᠢ ᠬᠦᠭᠵᠢᠭᠦᠯᠵᠦ᠂ ᠪᠥᠬᠦ ᠲᠣᠰᠬᠤᠨ ᠤ ᠬᠦᠴᠦᠨ ᠢ ᠳᠠᠶᠢᠴᠢᠯᠠᠨ 20 ᠵᠢᠯ ᠳᠤ ᠨᠢᠭᠡ ᠠᠵᠤ ᠦᠶᠯᠡᠰ ᠪᠠᠶᠢᠭᠤᠯᠵᠤ᠂ 20 ᠵᠢᠯ ᠳᠤ ᠨᠢᠭᠡ ᠠᠵᠤ ᠦᠶᠯᠡᠰ ᠢ ᠬᠦᠴᠦᠷᠬᠡᠭᠵᠢᠭᠦᠯᠵᠦ᠂ ᠪᠥᠬᠦ ᠲᠣᠰᠬᠤᠨ  ᠤ ᠦᠵᠦᠮ ᠤᠨ ᠠᠵᠤ ᠦᠶᠯᠡᠰ ᠨᠢ ᠥᠬᠡᠶ ᠪᠠᠶᠢᠭᠰᠠᠨ ᠠᠴᠠ ᠪᠠᠨ ᠪᠠᠶᠢᠬᠤ ᠪᠣᠯᠵᠣ᠂ ᠨᠢᠴᠦᠭᠦᠨ ᠭᠠᠵᠠᠷ ᠤᠨ ᠦᠵᠦᠮ ᠳᠠᠷᠢᠵᠤ ᠪᠠᠶᠢᠭᠰᠠᠨ ᠠᠴᠠ ᠪᠠᠨ ︽ᠳᠤᠯᠠᠭᠠᠨ ᠰᠠᠷᠠᠪᠴᠢ + ᠬᠦᠶᠲᠡᠨ ᠰᠠᠷᠠᠪᠴᠢ + ᠨᠢᠴᠦᠭᠦᠨ ᠭᠠᠵᠠᠷ︾  ᠤᠨ ᠰᠣᠯᠪᠢᠴᠠᠭᠤᠯᠤᠨ ᠳᠠᠷᠢᠬᠤ ᠵᠠᠭᠪᠤᠷ ᠢ ᠬᠥᠭᠵᠢᠭᠦᠯᠵᠦ᠂ ᠦᠵᠦᠮ ᠤᠨ ᠲᠥᠷᠥᠯ ᠵᠦᠶᠯ ᠨᠢ ᠡᠬᠢᠯᠡᠭᠰᠡᠨ ᠲᠠᠩ ᠭᠠᠭᠴᠠ ᠲᠥᠷᠥᠯ ᠵᠦᠶᠯ ᠨᠢ ᠬᠡᠲᠦ ᠤᠳᠠᠭ᠎ᠠ ᠰᠢᠨᠡᠳᠦᠨ ᠰᠣᠯᠢᠭᠳᠠᠭᠰᠠᠨ ᠠᠴᠠ ᠭᠤᠴᠢ ᠭᠠᠷᠤᠶ ᠵᠦᠶᠯ ᠪᠣᠯᠵᠣ ᠬᠥᠭᠵᠢᠪᠡ᠃ ᠦᠵᠦᠮ ᠪᠣᠷᠣᠯᠠᠭᠤᠯᠬᠤ ᠨᠢ ᠬᠤᠲᠠ ᠳᠤ ᠣᠷᠣᠵᠤ ᠰᠤᠯᠠ ᠪᠠᠷ ᠪᠣᠷᠣᠯᠠᠭᠤᠯᠭ᠎ᠠ ᠬᠢᠵᠦ ᠪᠠᠶᠢᠭᠰᠠᠨ  ᠠᠴᠠ ᠴᠢᠬᠢ ᠮᠣᠳᠣ ᠪᠤᠶᠢᠵᠢᠭᠤᠯᠵᠦ ᠵᠠᠯᠭᠠᠬᠤ᠂ ᠬᠦᠷᠢᠶ᠎ᠡ ᠬᠠᠰᠢᠶᠠᠨ ᠤ ᠪᠡᠶᠡᠴᠢᠯᠡᠨ ᠲᠡᠭᠦᠬᠦ᠂ ᠰᠦᠯᠢᠶᠣᠣ ᠬᠠᠶᠢᠷᠴᠠᠭ ᠲᠤ ᠪᠣᠭᠤᠳᠠᠯᠯᠠᠬᠤ᠂ ᠬᠦᠶᠲᠡᠨ ᠬᠡᠯᠬᠢᠶᠡᠲᠦ ᠲᠣᠬᠢᠷᠠᠭᠤᠯᠤᠨ ᠬᠦᠷᠭᠡᠬᠦ᠂ ᠨᠠᠷᠠᠲᠤ ᠲᠡᠮᠳᠡᠭᠲᠦ ᠲᠠᠸᠠᠷ ᠤᠨ ᠲᠡᠮᠳᠡᠭ ᠢ ᠨᠢᠭᠡ ᠴᠣᠭᠴᠠᠵᠢᠭᠤᠯᠤᠭᠰᠠᠨ ᠣᠯᠠᠨ ᠡᠰᠢᠲᠦ ᠵᠠᠭᠪᠤᠷ ᠪᠣᠯᠵᠣ᠂ ᠦᠵᠦᠮ ᠤᠨ ᠪᠦᠲᠦᠭᠡᠭᠳᠡᠬᠦᠨ ᠢ ᠰᠦᠯᠵᠢᠶᠡᠨ ᠭᠠᠳᠠᠨ᠎ᠠ ᠬᠤᠳᠠᠯᠳᠤᠵᠤ ᠪᠠᠶᠢᠭᠰᠠᠨ ᠠᠴᠠ ᠰᠦᠯᠵᠢᠶᠡᠨ ᠳᠡᠭᠡᠷ᠎ᠡ ᠬᠤᠳᠠᠯᠳᠤᠬᠤ ᠪᠣᠯᠪᠠ᠃ 20 ᠭᠠᠷᠤᠶ ᠵᠢᠯ ᠤᠨ ᠲᠠᠰᠤᠷᠠᠯᠲᠠ ᠥᠬᠡᠶ ᠬᠠᠶᠢᠨ ᠰᠥᠪᠡᠭᠴᠢᠯᠡᠯᠲᠡ ᠪᠠᠷ ᠳᠡᠮᠵᠢᠨ᠂ ᠪᠥᠬᠦ ᠲᠣᠰᠬᠤᠨ ᠤ ᠲᠠᠷᠢᠶᠠᠴᠢᠨ ᠡᠷᠦᠬᠡ ︽ᠡᠷᠦᠬᠡ ᠪᠣᠯᠭᠠᠨ ᠦᠵᠦᠮ ᠳᠠᠷᠢᠵᠤ᠂ ᠡᠷᠦᠬᠡ ᠪᠣᠯᠭᠠᠨ ᠦᠵᠦᠮ ᠤᠨ ᠬᠦᠷᠢᠶᠡᠯᠡᠩ ᠲᠠᠢ᠂ ᠬᠥᠮᠦᠨ ᠪᠦᠬᠦᠨ ᠦᠵᠦᠮ ᠮᠡᠳᠡᠬᠦ︾ ᠪᠠᠶᠠᠷᠯᠠᠭᠤᠰᠢᠲᠠᠶ ᠦᠷ᠎ᠡ ᠪᠦᠲᠦᠭᠡᠯ ᠣᠯᠵᠤ᠂ ᠬᠡᠪᠴᠢᠶ᠎ᠡ ᠦᠷ᠎ᠡ ᠠᠰᠢᠭ ᠨᠢ ᠡᠳᠦᠷ ᠢᠷᠡᠬᠦᠶ᠎ᠡ ᠢᠯᠡᠷᠡᠨ᠂ ᠨᠠᠷᠠᠲᠤ ᠲᠡᠮᠳᠡᠭ ᠤᠨ ᠦᠶᠯᠡᠳᠦᠯ ᠨᠢ ᠡᠳᠦᠷ ᠢᠷᠡᠬᠦᠶ᠎ᠡ ᠲᠣᠪᠣᠶᠢᠮ᠎ᠠ ᠪᠣᠯᠵᠣ ᠪᠠᠶᠢᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号