1. ᠬᠤᠷᠢᠶᠠᠯᠲᠠ ᠶᠢᠨ ᠬᠤᠭᠤᠴᠠᠭᠠᠨ ᠳᠤ᠂ ᠸᠠᠯᠠᠬᠤ ᠠᠴᠠ ᠵᠠᠶᠢᠯᠠᠰᠭᠢᠨ᠎ᠠ᠂ ᠦᠨᠳᠦᠰᠦ ᠦᠭᠡᠢ ᠡᠷᠳᠡᠨᠢ | ᠰᠢᠰᠢ ᠶᠢᠨ ᠡᠰᠢ ᠰᠦᠷᠡᠯ ᠤᠨ ᠤᠰᠤᠨ ᠤ ᠠᠭᠤᠯᠤᠭᠳᠠᠴᠠ ᠨᠢ ᠪᠠᠷᠤᠭ 50% ᠪᠠᠶᠢᠪᠠᠯ ᠰᠠᠶᠢᠨ᠂ 2︱5 | ᠰᠠᠨᠲ᠋ᠢᠮᠧᠳ᠋ᠷ ᠪᠣᠯᠲᠠᠯ᠎ᠠ ᠬᠡᠷᠴᠢᠪᠡᠯ ᠵᠣᠬᠢᠰᠲᠠᠢ ᠪᠠᠶᠢᠳᠠᠭ᠃ | 2. ᠪᠡᠯᠡᠳᠭᠡᠭᠰᠡᠨ ᠵᠣᠭᠤᠷᠢ ᠶᠢᠨ ᠢᠷᠤᠭᠠᠷ ᠤᠨ ᠬᠡᠰᠡᠭ ᠵᠢᠴᠢ ᠼᠧᠮᠧᠨ᠋ᠲ ᠭᠠᠳᠠᠷᠭᠤ ᠶᠢᠨ ᠳᠣᠲᠣᠷ ᠬᠠᠨ᠎ᠠ ᠳᠤ | ᠰᠦᠯᠢᠶᠥᠦ ᠪᠦᠷᠬᠦᠪᠴᠢ ᠳᠡᠪᠢᠰᠦᠨ᠎ᠡ᠃ ᠬᠡᠷᠴᠢᠭᠰᠡᠨ ᠡᠷᠳᠡᠨᠢ ᠰᠢᠰᠢ ᠶᠢᠨ ᠡᠰᠢ ᠰᠦᠷᠡᠯ ᠢ ᠵᠣᠭᠤᠷᠢᠨ ᠳᠤ | ᠳᠠᠪᠬᠤᠷᠭ᠎ᠠ ᠪᠦᠷᠢ 20-30 ᠰᠠᠨᠲ᠋ᠢᠮᠧᠳ᠋ᠷ ᠵᠤᠵᠠᠭᠠᠨ ᠳᠠᠷᠤᠵᠤ ᠣᠷᠣᠭᠤᠯᠬᠤ ᠳᠤ AM ᠪᠠᠺᠲ᠋ᠧᠷᠢ ᠶᠢᠨ | ᠨᠠᠶᠢᠷᠠᠯᠭ᠎ᠠ ᠶᠢᠨ ᠬᠤᠶᠠᠳᠤᠭᠠᠷ ᠳᠡᠰ ᠤᠨ ᠢᠰᠬᠡᠭᠰᠡᠨ ᠰᠢᠩᠭᠡᠨ ᠢ 300 ᠳᠠᠬᠢᠨ ᠢᠶᠠᠷ ᠰᠢᠩᠭᠡᠷᠡᠭᠦᠯᠦᠭᠰᠡᠨ ᠤ ᠳᠠᠷᠠᠭ᠎ᠠ | ᠮᠠᠨᠠᠨ ᠰᠦᠷᠴᠢᠭᠦᠷ ᠢᠶᠠᠷ ᠨᠢᠭᠡ ᠤᠳᠠᠭ᠎ᠠ ᠰᠦᠷᠴᠢᠨ᠎ᠡ᠃ ᠴᠢᠩᠭ᠎ᠠ ᠬᠢᠰᠬᠢᠵᠦ ᠭᠤᠷᠪᠠᠨ ᠳᠠᠪᠬᠤᠷ ᠳᠠᠷᠤᠵᠤ | ᠣᠷᠤᠭᠤᠯᠬᠤ ᠪᠦᠷᠢ ᠲᠷᠠᠺᠲ᠋ᠣᠷ ᠪᠤᠶᠤ ᠪᠤᠰᠤᠳ ᠬᠦᠨᠳᠦ ᠬᠡᠯᠪᠡᠷᠢ ᠶᠢᠨ ᠮᠠᠰᠢᠨ ᠪᠠᠭᠠᠵᠢ ᠪᠠᠷ ᠨᠢᠭᠡ ᠤᠳᠠᠭ᠎ᠠ ᠬᠦᠨᠳᠦ | ᠳᠠᠷᠤᠨ᠎ᠠ᠃ ᠵᠣᠭᠤᠷᠢ ᠶᠢᠨ ᠠᠮᠠᠰᠠᠷ ᠠᠴᠠ 50 ᠰᠠᠨᠲ᠋ᠢᠮᠧᠳ᠋ᠷ ᠠᠴᠠ ᠳᠡᠭᠡᠭᠰᠢ ᠥᠨᠳᠥᠷ ᠪᠣᠯᠪᠠᠯ ᠨᠠᠯᠠᠤ ᠶᠢᠨ | ᠬᠡᠮᠵᠢᠶ᠎ᠡ ᠶᠢ ᠨᠢ ᠰᠠᠶᠢᠨ ᠲᠠᠲᠠᠵᠤ᠂ ᠳᠤᠮᠳᠠ ᠪᠠᠨ ᠥᠨᠳᠥᠷ ᠳᠥᠷᠪᠡᠨ ᠲᠠᠯ᠎ᠠ ᠪᠠᠷ ᠨᠢ ᠳᠣᠣᠷ᠎ᠠ ᠪᠣᠯᠭᠠᠵᠤ᠂ | ᠵᠣᠭᠤᠷᠢ ᠶᠢᠨ ᠣᠷᠣᠢ ᠶᠢ ᠨᠣᠮᠣᠨ ᠬᠡᠯᠪᠡᠷᠢᠲᠡᠢ ᠭᠡᠷ ᠤᠨ ᠨᠢᠷᠤᠭᠤ ᠬᠡᠯᠪᠡᠷᠢ ᠲᠠᠢ ᠪᠣᠯᠭᠠᠵᠤ᠂ ᠤᠰᠤ | ᠲᠠᠲᠠᠷᠠᠭᠤᠯᠬᠤ ᠳᠤ ᠳᠥᠭᠦᠮ ᠪᠣᠯᠭᠠᠨ᠎ᠠ᠃ | 3. ᠣᠷᠣᠢ ᠶᠢ ᠨᠢ ᠪᠢᠲᠡᠭᠦᠮᠵᠢᠯᠡᠬᠦ᠄ ᠵᠣᠭᠤᠷᠢ ᠶᠢ ᠳᠦᠭᠦᠷᠭᠡᠭᠰᠡᠨ ᠤ ᠳᠠᠷᠠᠭ᠎ᠠ᠂ 14 ᠰᠢᠷᠬᠡᠭ ᠰᠦᠯᠢᠶᠥᠦ | ᠪᠦᠷᠬᠦᠪᠴᠢ ᠪᠠᠷ ᠵᠣᠭᠤᠷᠢ ᠶᠢᠨ ᠣᠷᠣᠢ ᠶᠢ ᠪᠦᠬᠦᠨ ᠢ ᠪᠢᠲᠡᠭᠦᠮᠵᠢᠯᠡᠵᠦ᠂ ᠠᠭᠠᠷ ᠨᠡᠪᠲᠡᠷᠡᠭᠦᠯᠬᠦ ᠦᠭᠡᠢ᠂ ᠬᠠᠮᠤᠭ | ᠰᠡᠭᠦᠯ ᠳᠤ ᠰᠦᠯᠢᠶᠥᠦ ᠪᠦᠷᠬᠦᠪᠴᠢ ᠪᠠᠷ ᠪᠠᠰᠠ ᠨᠢᠭᠡ ᠳᠠᠪᠬᠤᠷᠭ᠎ᠠ ᠬᠤᠴᠢᠨ᠎ᠠ᠂ ᠡᠭᠦᠨ ᠤ ᠵᠣᠷᠢᠯᠭ᠎ᠠ ᠨᠢ ᠪᠣᠷᠣᠭᠠᠨ᠂ | ᠴᠠᠰᠤ ᠤᠰᠤᠨ ᠤ ᠵᠣᠭᠤᠷᠢ ᠳᠤ ᠣᠷᠣᠬᠤ ᠶᠢ ᠰᠡᠷᠭᠡᠶᠢᠯᠡᠬᠦ ᠶᠢᠨ ᠲᠥᠯᠥᠭᠡ ᠶᠤᠮ᠃ ᠲᠠᠪᠤᠨ ᠡᠳᠦᠷ ᠤᠨ ᠳᠠᠷᠠᠭ᠎ᠠ | ᠵᠣᠭᠤᠷᠢ ᠶᠢᠨ ᠣᠷᠣᠢ ᠶᠢ ᠦᠷᠭᠦᠯᠵᠢ ᠪᠠᠶᠢᠴᠠᠭᠠᠵᠤ᠂ ᠬᠡᠷᠪᠡ ᠳᠣᠷᠣᠭᠰᠢ ᠰᠠᠭᠤᠭᠰᠠᠨ ᠪᠤᠶᠤ ᠡᠪᠳᠡᠷᠡᠭᠰᠡᠨ ᠭᠠᠵᠠᠷ | ᠪᠠᠶᠢᠪᠠᠯ ᠴᠠᠭ ᠲᠤᠬᠠᠢ ᠳᠤᠨᠢ ᠨᠥᠬᠦᠵᠦ ᠳᠦᠭᠦᠷᠭᠡᠨ᠂ ᠴᠢᠩᠭᠠᠯᠠᠵᠤ᠂ ᠨᠢᠭᠲᠠ ᠪᠢᠲᠡᠭᠦᠮᠵᠢᠯᠡᠨ᠎ᠡ᠃ | 4. ᠡᠬᠢᠯᠡᠵᠦ ᠬᠡᠷᠡᠭᠯᠡᠬᠦ᠄ ᠵᠣᠭᠤᠷᠢ ᠶᠢ 50 ᠡᠳᠦᠷ ᠪᠢᠲᠡᠭᠦᠮᠵᠢᠯᠡᠭᠰᠡᠨ ᠤ ᠳᠠᠷᠠᠭ᠎ᠠ ᠪᠢᠲᠡᠭᠦᠮᠵᠢᠯᠡᠯ ᠢ ᠨᠡᠭᠡᠭᠡᠵᠦ | ᠪᠣᠯᠣᠨ᠎ᠠ᠃ ᠪᠢᠲᠡᠭᠦᠮᠵᠢᠯᠡᠯ ᠢ ᠨᠡᠭᠡᠭᠡᠭᠰᠡᠭᠡᠷ ᠦᠷᠭᠦᠯᠵᠢᠯᠡᠨ ᠳᠠᠭᠤᠰᠲᠠᠯ᠎ᠠ ᠲᠡᠵᠢᠭᠡᠨ᠎ᠡ᠃ ᠠᠭᠠᠷ ᠤᠨ ᠳᠤᠯᠠᠭᠠᠨ 15 | ᠭᠷᠡᠳᠦ᠋ᠰ ᠠᠴᠠ ᠳᠡᠭᠡᠭᠰᠢ ᠪᠣᠯᠬᠤ ᠦᠶ᠎ᠡ ᠳᠤ᠂ ᠡᠳᠦᠷ ᠪᠦᠷᠢ ᠶᠢᠨ ᠡᠪᠡᠰᠦ ᠠᠪᠤᠭᠰᠠᠨ ᠤ ᠳᠠᠷᠠᠭ᠎ᠠ ᠳᠡᠭᠡᠷ᠎ᠡ ᠨᠢ | AM ᠪᠠᠺᠲ᠋ᠧᠷᠢ ᠶᠢᠨ ᠡᠮ ᠤᠨ 300 ᠳᠠᠬᠢᠨ ᠢᠶᠠᠷ ᠰᠢᠩᠭᠡᠷᠡᠭᠦᠯᠦᠭᠰᠡᠨ ᠰᠢᠩᠭᠡᠨ ᠢ ᠨᠢᠭᠡ ᠤᠳᠠᠭ᠎ᠠ ᠰᠦᠷᠴᠢᠵᠦ᠂ | ᠳᠠᠬᠢᠨ ᠴᠢᠩᠭ᠎ᠠ ᠳᠠᠷᠤᠵᠤ᠂ ᠸᠠᠯᠠᠵᠤ ᠴᠢᠨᠠᠷ ᠬᠤᠪᠢᠷᠠᠬᠤ ᠠᠴᠠ ᠰᠡᠷᠭᠡᠶᠢᠯᠡᠨ᠎ᠡ᠃ |