ᠴᠤᠷᠪᠠᠭ᠎ᠠ ᠶᠢᠨ ᠬᠤᠰᠢᠭᠤ ᠶᠢ ᠲᠠᠰᠤᠯᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2024/9/14
   ᠲᠠᠬᠢᠶ᠎ᠠ ᠲᠡᠵᠢᠭᠡᠬᠦ ᠳᠤ ᠣᠷᠴᠢᠨ ᠲᠣᠭᠤᠷᠢᠨ ᠪᠠ ᠠᠷᠠᠴᠢᠯᠠᠭ᠎ᠠ ᠬᠠᠮᠢᠶᠠᠷᠤᠯᠲᠠ ᠨᠢ ᠵᠣᠬᠢᠰ ᠦᠭᠡᠢ ᠠᠴᠠ ᠪᠣᠯᠵᠤ ᠴᠤᠷᠪᠠᠭ᠎ᠠ ᠥᠲᠥ ᠲᠣᠩᠰᠢᠬᠤ᠂ ᠬᠤᠰᠬᠢᠨᠠᠭ ᠲᠣᠩᠰᠢᠬᠤ ᠮᠠᠭᠤ ᠵᠠᠩᠰᠢᠯ ᠲᠠᠢ ᠪᠣᠯᠵᠤ᠂ ᠡᠨᠡ ᠬᠦ ᠮᠠᠭᠤ ᠵᠠᠩᠰᠢᠯ ᠨᠢ ᠪᠦᠬᠦ᠋ᠢᠯᠡ ᠲᠠᠬᠢᠶ᠎ᠠ ᠶᠢᠨ ᠰᠦᠷᠦᠭ ᠢ ᠨᠥᠯᠥᠭᠡᠯᠡᠵᠦ᠂ ᠠᠮᠤᠷ ᠦᠭᠡᠢ ᠪᠣᠯᠭᠠᠳᠠᠭ᠃    1. ᠬᠤᠰᠢᠭᠤ ᠶᠢ ᠨᠢ ᠲᠠᠰᠤᠯᠬᠤ ᠪᠠᠷ ᠪᠡᠯᠡᠳᠬᠡᠨ᠎ᠡ    ᠬᠤᠰᠢᠭᠤ ᠶᠢ ᠨᠢ ᠲᠠᠰᠤᠯᠬᠤ ᠠᠴᠠ ᠡᠮᠦᠨ᠎ᠡ ᠤᠷᠢᠳ ᠢᠶᠠᠷ ᠲᠠᠬᠢᠶ᠎ᠠ ᠶᠢᠨ ᠰᠦᠷᠦᠭ ᠤᠨ ᠥᠰᠦᠯᠲᠡ ᠶᠢᠨ ᠪᠠᠶᠢᠳᠠᠯ ᠢ ᠪᠠᠶᠢᠴᠠᠭᠠᠨ᠎ᠠ᠂ ᠡᠩ ᠤᠨ ᠪᠠᠶᠢᠳᠠᠯ ᠳᠤ ᠰᠠᠶ᠋ᠢ ᠨᠡᠪᠴᠢᠭᠰᠡᠨ ᠪᠤᠶᠤ ᠨᠢᠭᠡ ᠭᠠᠷᠠᠭ ᠥᠩᠭᠡᠷᠡᠭᠰᠡᠨ ᠤ ᠳᠠᠷᠠᠭ᠎ᠠ ᠬᠤᠰᠢᠭᠤ ᠶᠢ ᠨᠢ ᠲᠠᠰᠤᠯᠤᠨ᠎ᠠ᠂ ᠬᠠᠮᠤᠭ ᠤᠳᠠᠭᠠᠨ ᠳᠠᠭᠠᠨ ᠬᠤᠶᠠᠷ ᠭᠠᠷᠠᠭ ᠠᠴᠠ ᠬᠡᠲᠦᠷᠡᠵᠦ ᠪᠣᠯᠬᠤ ᠦᠭᠡᠢ᠃ ᠤᠴᠢᠷ ᠨᠢ ᠴᠤᠷᠪᠠᠭ᠎ᠠ ᠶᠢᠨ ᠪᠡᠶ᠎ᠡ ᠶᠢᠨ ᠪᠦᠲᠦᠴᠡ ᠨᠢ ᠨᠢᠭᠡᠨᠲᠡ ᠪᠣᠯᠪᠠᠰᠤᠷᠠᠭᠰᠠᠨ ᠲᠤᠯᠠ ᠡᠪᠡᠳᠬᠦ ᠰᠡᠷᠡᠯ ᠨᠢ ᠨᠡᠯᠢᠶᠡᠳ ᠰᠡᠷᠭᠡᠭ ᠪᠣᠯᠳᠠᠭ᠂ ᠬᠡᠷᠪᠡ ᠴᠠᠭ ᠠᠴᠠ ᠬᠡᠲᠦᠷᠡᠪᠡᠯ ᠴᠢᠰᠤ ᠭᠠᠷᠬᠤ᠂ ᠰᠢᠷᠬ᠎ᠠ ᠨᠢ ᠬᠠᠯᠳᠠᠪᠤᠷᠢᠯᠠᠭᠳᠠᠬᠤ ᠪᠠᠶᠢᠳᠠᠯ ᠭᠠᠷᠴᠤ ᠮᠡᠳᠡᠨ᠎ᠡ᠃    2. ᠬᠤᠰᠢᠭᠤ ᠶᠢ ᠨᠢ ᠲᠠᠰᠤᠯᠬᠤ ᠠᠷᠭ᠎ᠠ    ᠬᠤᠰᠢᠭᠤ ᠲᠠᠰᠤᠯᠬᠤ ᠪᠠᠭᠠᠵᠢ ᠪᠠᠷ ᠬᠤᠰᠢᠭᠤ ᠲᠠᠰᠤᠯᠬᠤ ᠳᠤ ᠳᠥᠭᠦᠮ᠂ ᠨᠢᠭᠡ ᠭᠠᠷ ᠢᠶᠠᠷ ᠢᠶᠠᠨ ᠴᠤᠷᠪᠠᠭ᠎ᠠ ᠶᠢ ᠪᠠᠷᠢᠵᠤ᠂ ᠨᠥᠭᠦᠭᠡ ᠭᠠᠷ ᠤᠨ ᠢᠶᠠᠨ ᠳᠣᠯᠢᠶᠠᠪᠤᠷ ᠬᠤᠷᠤᠭᠤ ᠪᠠᠷ ᠴᠤᠷᠪᠠᠭ᠎ᠠ ᠶᠢᠨ ᠬᠤᠭᠤᠯᠠᠢ ᠶᠢᠨ ᠬᠡᠰᠡᠭ ᠢ ᠳᠠᠷᠤᠵᠤ ᠬᠡᠯᠡ ᠶᠢ ᠨᠢ ᠬᠤᠶᠢᠰᠢ ᠠᠳᠤᠷᠢᠭᠤᠯᠪᠠᠯ ᠬᠤᠰᠢᠭᠤ ᠶᠢ ᠨᠢ ᠲᠠᠰᠤᠯᠬᠤ ᠦᠶ᠎ᠡ ᠳᠤ ᠬᠡᠯᠡ ᠶᠢ ᠨᠢ ᠭᠡᠮᠲᠦᠭᠡᠬᠦ ᠠᠴᠠ ᠵᠠᠶᠢᠯᠠᠰᠬᠢᠨ᠎ᠡ᠃ ᠳᠠᠬᠢᠨ ᠴᠤᠷᠪᠠᠭ᠎ᠠ ᠶᠢᠨ ᠬᠤᠰᠢᠭᠤ ᠶᠢ ᠬᠤᠰᠢᠭᠤ ᠲᠠᠰᠤᠯᠬᠤ ᠪᠠᠭᠠᠵᠢ ᠶᠢᠨ ᠨᠦᠬᠡᠨ ᠳᠤ ᠬᠠᠳᠬᠤᠵᠤ᠂ ᠬᠡᠷᠴᠢᠬᠦ ᠬᠢᠲᠤᠭ᠎ᠠ ᠶᠢ ᠬᠠᠯᠠᠭᠠᠭᠰᠠᠨ ᠤ ᠳᠠᠷᠠᠭ᠎ᠠ ᠳᠡᠭᠡᠷ᠎ᠡ ᠠᠴᠠ ᠨᠢ ᠳᠣᠷᠣᠭᠰᠢ ᠬᠡᠷᠴᠢᠨ᠎ᠡ᠂ ᠬᠡᠷᠴᠢᠭᠰᠡᠨ ᠤ ᠳᠠᠷᠠᠭ᠎ᠠ 2~3 ᠰᠧᠺᠦ᠋ᠨ᠋ᠳ᠋ ᠬᠤᠰᠢᠭᠤ ᠶᠢ ᠨᠢ ᠬᠠᠯᠠᠭᠠᠨ᠎ᠠ᠂ ᠬᠡᠲᠦᠷᠬᠡᠢ ᠤᠳᠠᠭᠠᠨ ᠬᠠᠯᠠᠭᠠᠵᠤ ᠪᠣᠯᠬᠤ ᠦᠭᠡᠢ᠂ ᠴᠤᠷᠪᠠᠭ᠎ᠠ ᠳᠤ ᠮᠠᠭᠤ ᠨᠥᠯᠥᠭᠡ ᠭᠠᠷᠬᠤ ᠠᠴᠠ ᠬᠢᠴᠢᠶᠡᠨ᠎ᠡ᠃    3. ᠠᠩᠬᠠᠷᠬᠤ ᠵᠦᠢᠯ    ᠡᠩ ᠲᠡᠷᠢᠭᠦᠨ ᠳᠤ ᠬᠤᠰᠢᠭᠤ ᠶᠢ ᠨᠢ ᠲᠠᠰᠤᠯᠤᠭᠰᠠᠨ ᠬᠤᠶᠠᠷ ᠡᠳᠦᠷ ᠤᠨ ᠳᠣᠲᠣᠷ᠎ᠠ ᠶᠠᠮᠠᠷ ᠴᠤ ᠸᠠᠺᠼᠢᠨ ᠤ ᠲᠠᠷᠢᠯᠭ᠎ᠠ ᠬᠢᠵᠦ ᠪᠣᠯᠬᠤ ᠦᠭᠡᠢ᠂ ᠴᠤᠷᠪᠠᠭ᠎ᠠ ᠳᠤ ᠸᠠᠺᠼᠢᠨ ᠤ ᠲᠠᠷᠢᠯᠭ᠎ᠠ ᠬᠢᠭᠰᠡᠨ ᠤ ᠳᠠᠷᠠᠭ᠎ᠠ ᠰᠡᠷᠡᠯᠵᠢᠬᠦ ᠲᠤᠰᠬᠠᠯ ᠡᠭᠦᠰᠳᠡᠭ᠂ ᠬᠡᠷᠪᠡ ᠡᠨᠡ ᠬᠤᠶᠠᠭᠤᠯᠠ ᠬᠠᠷᠭᠤᠪᠠᠯ ᠦᠬᠦᠬᠦ ᠨᠣᠷᠮ᠎ᠠ ᠨᠢ ᠲᠦᠢᠯ ᠤᠨ ᠥᠨᠳᠥᠷ ᠪᠠᠶᠢᠳᠠᠭ᠃ ᠬᠤᠰᠢᠭᠤ ᠶᠢ ᠨᠢ ᠲᠠᠰᠤᠯᠬᠤ ᠠᠴᠠ ᠡᠮᠦᠨ᠎ᠡ ᠪᠠ ᠲᠠᠰᠤᠯᠤᠭᠰᠠᠨ ᠤ ᠳᠠᠷᠠᠭ᠎ᠠ ᠲᠡᠵᠢᠭᠡᠯ ᠪᠣᠷᠳᠤᠭ᠎ᠠ ᠪᠠ ᠤᠰᠤ ᠤᠮᠳᠠ ᠶᠢᠨ ᠳᠣᠲᠣᠷ᠎ᠠ ᠣᠯᠠᠨ ᠵᠦᠢᠯ ᠤᠨ ᠸᠢᠲ᠋ᠠᠮᠢᠨ ᠨᠡᠮᠡᠵᠦ᠂ ᠬᠤᠰᠢᠭᠤ ᠨᠢ ᠲᠠᠰᠤᠷᠠᠭᠰᠠᠨ ᠴᠤᠷᠪᠠᠭ᠎ᠠ ᠶᠢᠨ ᠰᠡᠷᠡᠯᠵᠢᠬᠦ ᠲᠤᠰᠬᠠᠯ ᠡᠭᠦᠰᠬᠦ ᠶᠢ ᠪᠠᠭᠠᠰᠬᠠᠬᠤ ᠪᠤᠶᠤ ᠰᠡᠷᠡᠯᠵᠢᠬᠦ ᠲᠤᠰᠬᠠᠯ ᠤᠨ ᠴᠤᠷᠪᠠᠭ᠎ᠠ ᠳᠤ ᠦᠵᠡᠭᠦᠯᠬᠦ ᠨᠥᠯᠥᠭᠡ ᠶᠢ ᠪᠠᠭᠠᠰᠬᠠᠨ᠎ᠠ᠃ ᠡᠭᠦᠨ ᠠᠴᠠ ᠭᠠᠳᠠᠨ᠎ᠠ ᠬᠤᠰᠢᠭᠤ ᠶᠢ ᠨᠢ ᠲᠠᠰᠤᠯᠬᠤ ᠴᠠᠭ ᠢ ᠪᠠᠰᠠ ᠲᠣᠬᠢᠷᠠᠮᠵᠢᠲᠠᠢ ᠪᠠᠶᠢᠯᠭᠠᠵᠤ᠂ ᠲᠤᠩᠭᠠᠯᠠᠭ ᠰᠠᠶᠢᠬᠠᠨ ᠡᠳᠦᠷ ᠥᠷᠯᠥᠭᠡ ᠬᠢᠬᠦ ᠶᠢ ᠰᠠᠨᠠᠭᠤᠯᠤᠶ᠎ᠠ᠂ ᠢᠩᠭᠢᠪᠡᠯ ᠴᠢᠰᠤ ᠭᠠᠷᠬᠤ᠂ ᠰᠡᠷᠡᠯᠵᠢᠬᠦ ᠲᠤᠰᠬᠠᠯ ᠵᠢᠴᠢ ᠡᠪᠡᠳᠴᠢᠨ ᠤ ᠪᠠᠺᠲ᠋ᠧᠷᠢ ᠶᠢᠨ ᠬᠠᠯᠳᠠᠪᠤᠷᠢᠯᠠᠯ ᠵᠡᠷᠭᠡ ᠶᠢ ᠪᠠᠭᠠᠰᠬᠠᠵᠤ ᠴᠢᠳᠠᠨ᠎ᠠ᠃ ᠬᠤᠰᠢᠭᠤ ᠶᠢ ᠨᠢ ᠲᠠᠰᠤᠯᠬᠤ ᠠᠴᠠ ᠡᠮᠦᠨ᠎ᠡ ᠪᠠ ᠲᠠᠰᠤᠯᠤᠭᠰᠠᠨ ᠤ ᠳᠠᠷᠠᠭ᠎ᠠ ᠬᠡᠳᠦᠨ ᠡᠳᠦᠷ ᠤᠨ ᠳᠣᠲᠣᠷ᠎ᠠ ᠤᠰᠤ ᠤᠤᠭᠤᠬᠤ ᠠᠦ᠋ᠲ᠋ᠣ᠋ ᠪᠠᠭᠠᠵᠢ ᠶᠢ ᠬᠡᠷᠡᠭᠯᠡᠵᠦ᠂ ᠰᠡᠷᠡᠯᠵᠢᠬᠦ ᠲᠤᠰᠬᠠᠯ ᠢ ᠪᠠᠭᠠᠰᠬᠠᠨ᠎ᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号