ᠲᠥᠮᠥᠰᠥᠨ ᠤ ᠡᠪᠡᠳᠴᠢᠨ ᠬᠤᠷᠣᠬᠠᠢ ᠶᠢᠨ ᠬᠦᠨᠦᠭᠡᠯ ᠤᠨ ᠰᠡᠷᠭᠡᠶᠢᠯᠡᠨ ᠵᠠᠰᠠᠯᠲᠠ
ᠨᠡᠶᠢᠲᠡᠯᠡᠭᠰᠡᠨ ᠴᠠᠭ᠄
2024/8/22
   ᠡᠷᠲᠡ ᠶᠢᠨ ᠬᠢᠵᠢᠭ ᠡᠪᠡᠳᠴᠢᠨ᠄ ᠤᠰᠤ ᠪᠣᠷᠳᠣᠭᠤᠷ ᠤᠨ ᠬᠠᠮᠢᠶᠠᠷᠤᠯᠲᠠ ᠶᠢ ᠴᠢᠩᠭᠠᠳᠬᠠᠵᠤ᠂ ᠡᠪᠡᠳᠴᠢᠨ ᠤ ᠡᠬᠢᠨ ᠤ ᠬᠤᠭᠤᠴᠠᠭᠠᠨ ᠳᠤ ᠹᠧᠨᠽᠧᠨ • ᠫᠷᠣᠫᠠ ᠴᠠᠭᠠᠷᠢᠭ ᠠᠽᠤᠯ ︵苯甲 · 丙环唑︶᠂ ᠫᠢᠷᠢᠮᠢᠳᠢᠨ ᠪᠠᠺᠲ᠋ᠧᠷᠢ ᠶᠢᠨ ᠡᠰᠲ᠋ᠧᠷ ︵嘧菌酯︶᠂ ᠫᠢᠷᠢᠳᠢᠨ ᠠᠼᠢᠯ ᠪᠠᠺᠲ᠋ᠧᠷᠢ ᠶᠢᠨ ᠠᠮᠢᠨ ︵啶酰菌胺︶᠂ ᠠᠯᠺᠧᠨ • ᠫᠢᠷᠠᠽᠤᠯ ᠤᠨ ᠡᠰᠲ᠋ᠧᠷ ︵烯酰 · 吡唑酯︶᠂ ᠹᠧᠨᠽᠧᠨ • ᠫᠢᠷᠢᠮᠢᠳᠢᠨ ᠪᠠᠺᠲ᠋ᠧᠷᠢ ᠶᠢᠨ ᠡᠰᠲ᠋ᠧᠷ ︵苯甲 · 嘧菌酯︶᠂ ᠤᠺᠰᠠᠳᠤᠨ • ᠹᠯᠣᠷᠲᠤ ᠲᠢᠶᠠᠽᠤᠯ ︵噁酮 · 氟噻唑︶ ᠵᠡᠷᠭᠡ ᠡᠮ ᠨᠠᠶᠢᠷᠠᠯᠭ᠎ᠠ ᠶᠢ ᠵᠢᠭᠳᠡ ᠮᠠᠨᠠᠨᠳᠠᠭᠤᠯᠤᠨ ᠰᠦᠷᠴᠢᠵᠦ᠂ ᠶᠡᠷᠦ ᠳᠡᠭᠡᠨ 5-7 ᠡᠳᠦᠷ ᠠᠯᠤᠰᠯᠠᠵᠤ᠂ ᠦᠷᠭᠦᠯᠵᠢᠯᠡᠨ 2-3 ᠤᠳᠠᠭ᠎ᠠ ᠰᠦᠷᠴᠢᠵᠦ ᠣᠷᠣᠭᠤᠯᠤᠨ᠎ᠠ᠃ ᠡᠮ ᠤᠨ ᠨᠠᠶᠢᠷᠠᠯᠭ᠎ᠠ ᠶᠢ ᠡᠭᠡᠯᠵᠢᠯᠡᠨ ᠬᠡᠷᠡᠭᠯᠡᠬᠦ ᠬᠡᠷᠡᠭᠲᠡᠢ᠃
   ᠣᠷᠣᠢ ᠶᠢᠨ ᠬᠢᠵᠢᠭ ᠡᠪᠡᠳᠴᠢᠨ᠄ ᠴᠣᠮᠣᠷᠯᠢᠭ ᠢᠯᠡᠷᠡᠬᠦ ᠠᠴᠠ ᠡᠬᠢᠯᠡᠨ ᠲᠥᠮᠥᠰᠥ ᠶᠢᠨ ᠣᠷᠣᠢ ᠶᠢᠨ ᠬᠢᠵᠢᠭ ᠡᠪᠡᠳᠴᠢᠨ ᠢ ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ ᠤᠨ ᠤᠷᠢᠳᠴᠢᠯᠠᠭᠰᠠᠨ ᠮᠡᠳᠡᠭᠡ ᠪᠣᠯᠣᠨ ᠲᠠᠷᠢᠶᠠᠨ ᠭᠠᠵᠠᠷ ᠤᠨ ᠬᠥᠷᠥᠰᠥᠨ ᠤ ᠴᠢᠭᠢᠭ ᠤᠨ ᠬᠡᠮᠵᠢᠶ᠎ᠡ ᠶᠢ ᠦᠨᠳᠦᠰᠦᠯᠡᠨ ᠬᠡᠮᠵᠢᠨ ᠮᠡᠳᠡᠭᠦᠯᠵᠦ᠂ ᠵᠢᠴᠢ ᠴᠠᠭ ᠠᠭᠤᠷ ᠤᠨ ᠪᠠᠶᠢᠳᠠᠯ ︵ᠢᠷᠡᠭᠡᠳᠦᠢ ᠶᠢᠨ 24 ᠴᠠᠭ ᠤᠨ ᠳᠤᠯᠠᠭᠠᠨ ᠤ ᠬᠡᠮᠵᠢᠶ᠎ᠡ ᠨᠢ 15 — 21℃᠂ ᠬᠠᠷᠢᠴᠠᠩᠭᠤᠢ ᠴᠢᠭᠢᠭᠲᠦᠴᠡ ᠨᠢ 85% ᠠᠴᠠ ᠳᠡᠭᠡᠭᠰᠢ ︶᠂ ᠠᠩᠬ᠎ᠠ ᠤᠳᠠᠭ᠎ᠠ ᠡᠬᠢᠯᠡᠵᠦ ᠡᠮ ᠬᠡᠷᠡᠭᠯᠡᠬᠦ ᠬᠡᠷᠡᠭᠲᠡᠢ᠄ ᠡᠮ ᠤᠨ ᠨᠠᠶᠢᠷᠠᠯᠭ᠎ᠠ ᠨᠢ ᠬᠠᠮᠠᠭᠠᠯᠠᠬᠤ ᠡᠮ ᠪᠠ ᠳᠣᠲᠣᠭᠰᠢ ᠰᠣᠷᠣᠬᠤ ᠵᠠᠰᠠᠯᠭ᠎ᠠ ᠶᠢᠨ ᠡᠮ ᠢ ᠰᠣᠩᠭᠤᠵᠤ ᠡᠭᠡᠯᠵᠢᠯᠡᠨ ᠬᠡᠷᠡᠭᠯᠡᠵᠦ᠂ ᠳ᠋ᠸᠢᠢᠰᠧᠨ ᠮᠠᠩᠭᠠᠨ ᠴᠠᠶᠢᠷ ︵代森锰锌︶᠂ ᠠᠯᠺᠢᠯ ᠮᠤᠷᠹᠢᠨ ︵烯酰吗啉︶᠂ ᠱᠦᠸᠠᠩ ᠨᠢᠶᠣᠣ ᠼᠢᠶᠠᠨ • ᠳ᠋ᠸᠢᠢᠰᠧᠨ ᠮᠠᠩᠭᠠᠨ ᠴᠠᠶᠢᠷ ︵霜脲氰 · 代森锰锌︶᠂ ᠹᠯᠣᠷᠲᠤ ᠪᠠᠺᠲ᠋ᠧᠷᠢ • ᠱᠦᠸᠠᠩ ᠮᠸᠢ ᠸᠧᠢ ︵氟菌•霜霉威︶᠂ ᠳ᠋ᠢᠩ ᠽᠢ ᠰᠢᠶᠠᠩᠹᠧᠨᠤᠯ ︵丁子香 酚︶ ᠵᠡᠷᠭᠡ ᠶᠢ ᠰᠣᠩᠭᠤᠨ ᠬᠡᠷᠡᠭᠯᠡᠵᠦ ᠪᠣᠯᠣᠨ᠎ᠠ᠂ ᠶᠡᠷᠦ ᠳᠡᠭᠡᠨ 5 — 7 ᠡᠳᠦᠷ ᠠᠯᠤᠰᠯᠠᠵᠤ᠂ ᠠᠳᠠᠯᠢ ᠪᠤᠰᠤ ᠲᠦᠷᠦᠯ ᠤᠨ ᠡᠮ ᠢ ᠡᠭᠡᠯᠵᠢᠯᠡᠨ ᠬᠡᠷᠡᠭᠯᠡᠨ᠂ ᠨᠢᠭᠡ ᠵᠦᠢᠯ ᠤᠨ ᠡᠮ ᠢ ᠦᠷᠭᠦᠯᠵᠢᠯᠡᠨ ᠬᠡᠷᠡᠭᠯᠡᠬᠦ ᠶᠢ ᠴᠢᠩᠭ᠎ᠠ ᠴᠡᠭᠡᠷᠯᠡᠵᠦ᠂ ᠡᠮ ᠰᠦᠷᠴᠢᠭᠰᠡᠨ ᠤ ᠳᠠᠷᠠᠭ᠎ᠠ 4 ᠴᠠᠭ ᠤᠨ ᠳᠣᠲᠣᠷ᠎ᠠ ᠪᠣᠷᠣᠭᠠᠨ ᠣᠷᠣᠪᠠᠯ ᠴᠠᠭ ᠲᠤᠬᠠᠢ ᠳᠤᠨᠢ ᠨᠥᠬᠦᠵᠦ ᠰᠦᠷᠴᠢᠬᠦ ᠬᠡᠷᠡᠭᠲᠡᠢ᠃
   ᠡᠰᠢ ᠢᠯᠵᠢᠷᠡᠬᠦ ᠡᠪᠡᠳᠴᠢᠨ᠄ ᠲᠠᠷᠢᠶᠠᠨ ᠳᠤ ᠭᠤᠣᠯ ᠪᠣᠯᠬᠤ ᠡᠪᠡᠳᠴᠢᠨ ᠤ ᠰᠠᠭᠤᠷᠢ ᠢᠯᠡᠷᠡᠬᠦ ᠦᠶ᠎ᠡ ᠳᠤ᠂ ᠲᠢᠶᠠᠨᠤᠺᠧᠲ᠋ᠤᠨ ᠤ ᠤᠰᠤᠨ ᠤ ᠴᠡᠶᠢᠳᠡᠮᠯᠢᠭ ᠡᠳ᠋ ︵噻霉酮水乳剂︶ ᠪᠤᠶᠤ ᠺᠤᠶᠢᠨᠣᠯᠢᠨ ᠵᠡᠰ ᠤᠨ ᠬᠥᠪᠥᠮᠡᠯ ᠡᠳ᠋ ︵喹啉铜悬浮剂︶ ᠢ ᠰᠣᠩᠭᠤᠨ ᠤᠰᠤ ᠬᠤᠯᠢᠵᠤ ᠪᠦᠬᠦ ᠰᠠᠭᠤᠷᠢ ᠳᠤ ᠰᠦᠷᠴᠢᠬᠦ ︵ᠡᠰᠢᠨ ᠤ ᠤᠭ ᠤᠨ ᠬᠡᠰᠡᠭ ᠲᠤ ᠭᠤᠣᠯᠳᠠᠯᠭ᠎ᠠ ᠲᠠᠢ ᠰᠦᠷᠴᠢᠨ ᠣᠷᠤᠭᠤᠯᠤᠨ ︶ ᠪᠤᠶᠤ ᠳᠤᠰᠤᠯᠭᠠᠨ ᠤᠰᠤᠯᠠᠵᠤ ᠨᠡᠬᠡᠨ ᠣᠷᠣᠭᠤᠯᠤᠨ᠎ᠠ᠂ 7 ᠡᠳᠦᠷ ᠠᠴᠠ 10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ᠂ ᠦᠷᠭᠦᠯᠵᠢᠯᠡᠨ 2-3 ᠤᠳᠠᠭ᠎ᠠ ᠡᠮ ᠰᠦᠷᠴᠢᠬᠦ ᠬᠡᠷᠡᠭᠲᠡᠢ᠃
   ᠵᠢᠶᠠᠩᠴᠠ ︵芫菁︶ ︵ᠲᠣᠯᠪᠣᠲᠤ ᠪᠠᠮᠪᠤ 斑蝥︶᠄ ᠭᠠᠵᠠᠷ ᠤᠨ ᠡᠷᠬᠢᠨ ᠲᠤᠭᠤᠷᠢᠨ ᠳᠤ ᠪᠤᠵᠠᠷ ᠡᠪᠡᠰᠦ ᠢᠯᠡᠷᠡᠬᠦ ᠦᠶ᠎ᠡ ᠳᠤ᠂ ᠴᠠᠭ ᠲᠤᠬᠠᠢ ᠳᠤᠨᠢ ᠥᠨᠳᠥᠷ ᠦᠷ᠎ᠡ ᠠᠰᠢᠭ ᠲᠠᠢ ᠾᠯᠣᠷᠲᠤ ᠼᠢᠶᠠᠨ ᠪᠠᠺᠲ᠋ᠧᠷᠢ ᠶᠢᠨ ᠡᠰᠲ᠋ᠧᠷ ᠤᠨ ᠴᠢᠢᠳᠡᠮᠯᠢᠭ ᠲᠣᠰᠣ ︵氯氰菌酯乳油︶ ᠪᠤᠶᠤ ᠠᠸᠢᠼᠢᠨ ᠤ ᠴᠢᠢᠳᠡᠮᠯᠢᠭ ᠲᠣᠰᠣ ︵阿 维菌素乳油︶ ᠶᠢ ᠰᠣᠩᠭᠤᠨ ᠤᠰᠤ ᠬᠤᠯᠢᠵᠤ ᠰᠦᠷᠴᠢᠵᠦ᠂ ᠵᠢᠶᠠᠩᠴᠠ ᠲᠥᠮᠥᠰᠥ ᠶᠢᠨ ᠲᠠᠷᠢᠶᠠᠨ ᠳᠤ ᠰᠢᠷᠭᠤᠨ ᠣᠷᠣᠬᠤ ᠠᠴᠠ ᠵᠠᠶᠢᠯᠠᠰᠭᠢᠬᠤ ᠬᠡᠷᠡᠭᠲᠡᠢ᠃ ᠪᠠᠭᠠᠷᠠᠩ ᠬᠤᠷᠣᠬᠠᠢ ᠄ ᠡᠷᠦᠳᠡᠰᠦ ᠶᠢᠨ ᠲᠣᠰᠣ ᠪᠤᠶᠤ ᠪᠢ ᠴᠥᠩ ᠯᠢᠨ ᠤ ᠴᠢᠭᠢᠭᠰᠡᠭ ᠨᠤᠨᠳᠠᠭ ᠡᠳ᠋ ︵吡虫 啉可湿性粉剂︶ ᠢ ᠰᠣᠩᠭᠤᠵᠤ ᠤᠰᠤ ᠬᠤᠯᠢᠨ ᠨᠠᠪᠴᠢᠨ ᠤ ᠭᠠᠳᠠᠷᠭᠤ ᠳᠤ ᠵᠢᠭᠳᠡ ᠰᠦᠷᠴᠢᠵᠦ ᠪᠣᠯᠣᠨ᠎ᠠ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号