ᠲᠦᠴᠢᠦᠸᠠᠨ ᠰᠢᠶᠠᠨ᠄ ︽ᠴᠡᠭᠡᠨ ᠭᠡᠷᠡᠯ ᠰᠢᠷ᠎ᠠ︾ ᠭᠠᠵᠠᠷ ᠳᠦᠭᠦᠷᠡᠩ ᠲᠡᠯᠭᠡᠷᠡᠵᠦ ᠰᠢᠯᠢᠮᠳᠡᠭ ᠴᠡᠴᠡᠭ ᠤᠨ ᠲᠠᠷᠢᠶ᠎ᠠ ᠵᠤᠭᠠᠴᠠᠭᠰᠠᠳ ᠢ ᠲᠠᠲᠠᠨ᠎ᠠ
ᠨᠡᠶᠢᠲᠡᠯᠡᠭᠰᠡᠨ ᠴᠠᠭ᠄
2024/7/6
ᠣᠶᠢᠷ᠎ᠠ ᠳᠤ᠂ ᠲᠦᠴᠢᠦᠸᠠᠨ ᠰᠢᠶᠠᠨ ᠤ ᠱᠤ᠋ ᠭᠤᠸᠠᠩ ᠣᠲᠣ ᠦᠶ᠎ᠡ ᠶᠢᠨ ᠲᠠᠷᠢᠶᠠᠯᠠᠩ ᠤᠨ ᠣᠷᠴᠢᠯ ᠠᠵᠤ ᠠᠬᠤᠶ  ᠶᠢᠨ ᠬᠦᠷᠢᠶᠡᠯᠡᠩ ᠲᠣᠭᠤᠷᠢᠭ ᠤᠨ ᠰᠢᠯᠢᠮᠳᠡᠭ ᠴᠡᠴᠡᠭ ᠥᠩᠭᠡ ᠢᠯᠭᠠᠷᠠᠨ ᠳᠡᠯᠭᠡᠷᠡᠵᠦ᠂ ᠲᠠᠷᠢᠶᠠᠨ ᠭᠠᠵᠠᠷ ᠤᠨ ᠴᠡᠴᠡᠭ ᠤᠨ ᠦᠨᠦᠷ ᠬᠠᠩᠬᠤᠯᠵᠤ᠂ ᠠᠯᠲᠠᠨ ᠰᠢᠷᠭᠠᠯ ᠵᠢᠷᠤᠭ ᠰᠢᠭ ᠬᠠᠷᠠᠭᠳᠠᠨ᠎ᠠ᠃
   ᠰᠢᠯᠢᠮᠳᠡᠭ ᠴᠡᠴᠡᠭ ᠭᠠᠵᠠᠷ ᠳᠦᠭᠦᠷᠡᠩ ᠰᠢᠷᠠᠯᠠᠨ ᠲᠡᠯᠭᠡᠷᠡᠵᠦ᠂ ᠬᠤᠸᠠᠷ ᠤᠨ ᠲᠤᠮᠳᠠᠭᠤᠷ ᠵᠦᠭᠡᠢ ᠪᠦᠵᠢᠭᠯᠡᠵᠦ ᠶᠠᠭᠠᠷᠠᠨ᠎ᠠ᠃
   ᠭᠤᠶᠢᠳᠠ ᠰᠠᠶᠢᠬᠠᠨ ᠰᠢᠯᠢᠮᠳᠡᠭ ᠤᠨ ᠲᠠᠷᠢᠶᠠᠨ ᠳᠤ᠂ ᠵᠤᠭᠠᠴᠠᠭᠰᠠᠳ ᠲᠠᠪᠤ ᠭᠤᠷᠪᠠ ᠪᠠᠷ ᠪᠦᠯᠦᠭᠯᠡᠨ᠂ ᠭᠠᠷ ᠤᠲᠠᠰᠤ ᠪᠠᠷ ᠰᠡᠭᠦᠳᠡᠷ ᠲᠠᠲᠠᠵᠤ ᠳᠤᠷᠠᠰᠬᠠᠯ ᠦᠯᠡᠳᠡᠭᠡᠪᠡ᠃
   ᠬᠥᠬᠡ ᠣᠭᠲᠠᠷᠭᠤᠶ ᠬᠥᠪᠥᠩ ᠴᠠᠭᠠᠨ ᠡᠭᠦᠯᠡᠨ ᠤ ᠳᠣᠤᠷ᠎ᠠ ᠲᠣᠭᠠᠯᠠᠭᠠᠳ ᠪᠠᠷᠠᠰᠢ ᠥᠬᠡᠶ ᠭᠤᠶᠣ ᠰᠠᠶᠢᠬᠠᠨ ᠦᠵᠡᠮᠵᠢ ᠨᠢ ᠦᠯᠡᠮᠵᠢ ᠣᠯᠠᠨ ᠵᠢᠭᠤᠯᠴᠢᠯᠠᠭᠴᠢᠳ ᠤᠨ ᠪᠠᠭ᠋ᠠᠷᠬᠠᠯ ᠢ ᠲᠠᠲᠠᠵᠤ᠂ ︽ᠰᠢᠯᠦᠭᠯᠢᠭ ᠬᠥᠳᠡᠭᠡ ᠲᠣᠰᠬᠤᠨ ︾ ᠤ ᠥᠪᠡᠷᠮᠢᠴᠡ ᠲᠠᠲᠠᠬᠤ ᠬᠦᠴᠦᠨ ᠢ ᠮᠡᠳᠡᠷᠡᠭᠦᠯᠪᠡ᠃
   ᠱᠤ᠋ ᠭᠤᠸᠠᠩ ᠴᠠᠴᠡᠭ ᠤᠨ ᠲᠠᠯᠠᠢ ᠨᠢ ᠲᠦᠴᠢᠦᠸᠠᠨ ᠰᠢᠶᠠᠨ ᠤ ᠱᠤ᠋ ᠭᠤᠸᠠᠩ ᠤᠳᠤ ᠦᠶ᠎ᠡ ᠶᠢᠨ ᠲᠠᠷᠢᠶᠠᠯᠠᠩ  ᠤᠨ ᠣᠷᠴᠢᠯ ᠠᠵᠤ ᠠᠬᠤᠢ ᠶᠢᠨ ᠬᠦᠷᠢᠶᠡᠯᠡᠩ ᠲᠣᠭᠤᠷᠢᠭ ᠤᠨ ᠨᠢᠭᠡᠨ ᠬᠢᠯᠠᠰ ᠴᠡᠭ ᠪᠣᠯᠤᠭᠰᠠᠨ ᠤ ᠬᠤᠪᠢ ᠳᠤ᠂ ᠨᠡᠩ ᠴᠤ ᠴᠡᠴᠡᠭ ᠢᠶᠠᠷ ᠵᠠᠭᠤᠴᠢ ᠪᠣᠯᠭᠠᠵᠤ᠂ ᠬᠥᠮᠦᠰ ᠢ ᠤᠷᠢᠵᠤ ᠬᠠᠮᠲᠤ ᠪᠠᠷ ︽ᠷᠣᠮᠠᠨᠲ᠋ᠢᠭ ᠪᠣᠯᠵᠤᠭ᠎ᠠ︾ ᠳᠤ ᠣᠷᠣᠯᠴᠠᠭᠤᠯᠪᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号