ᠲᠦᠴᠢᠦᠸᠠᠨ ᠰᠢᠶᠠᠨ ᠤ ᠤᠯᠠᠭᠠᠨᠮᠥ᠋ᠴᠢᠷ ︽ᠠᠷᠠᠳ ᠲᠦᠮᠡᠨ ᠤ ᠳᠤᠮᠳᠠ ᠣᠴᠢᠬᠤ︾ ᠰᠣᠯᠢᠯᠴᠠᠭᠠᠨ ᠤ ᠵᠢᠱᠢᠶ᠎ᠡ ᠦᠵᠡᠭᠦᠯᠬᠦ ᠲᠣᠭᠯᠠᠯᠲᠠ ᠶᠢᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/7/2
  ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 103 ᠵᠢᠯ ᠤᠨ ᠣᠶ ᠶᠢ ᠪᠡᠯᠭᠡᠯᠡᠬᠦ ᠶᠢᠨ ᠲᠥᠯᠥᠭᠡ᠂ 6 ᠰᠠᠷ᠎ᠠ ᠶᠢᠨ 30 ᠤ ᠡᠳᠦᠷ᠂ ᠲᠦᠴᠢᠦᠸᠠᠨ ᠰᠢᠶᠠᠨ ᠤ ᠤᠯᠠᠭᠠᠨᠮᠥ᠋ᠴᠢᠷ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠲᠠᠢ ᠬᠠᠮᠲᠤᠷᠠᠨ ᠬᠢᠩᠭᠠᠨ ᠤ ᠠᠲᠠᠷ ᠬᠠᠭᠠᠯᠪᠤᠷᠢᠯᠠᠯᠲᠠ ᠶᠢᠨ ᠲᠦᠯᠢᠶᠡᠮᠤᠳᠤ ᠲᠠᠷᠢᠶᠠᠯᠠᠩ ᠤᠨ ᠲᠠᠯᠠᠪᠠᠶ ᠳᠤ ᠬᠦᠷᠴᠦ᠂ ︽ᠠᠷᠠᠳ ᠲᠦᠮᠡᠨ ᠤ ᠳᠤᠮᠳᠠ ᠣᠴᠢᠬᠤ︾ 2024 ᠣᠨ ᠤ ᠪᠥᠬᠦ ᠣᠷᠣᠨ ᠤ ᠤᠯᠠᠭᠠᠨᠮᠥ᠋ᠴᠢᠷ ᠤᠨ ᠰᠠᠷ᠎ᠠ ᠶᠢᠨ ᠰᠣᠯᠢᠯᠴᠠᠭᠠᠨ ᠤ ᠵᠢᠱᠢᠶ᠎ᠡ ᠦᠵᠡᠭᠦᠯᠬᠦ ᠲᠣᠭᠯᠠᠯᠲᠠ ᠶᠢᠨ ᠠᠵᠢᠯᠯᠠᠭ᠎ᠠ ᠥᠷᠨᠢᠭᠦᠯᠵᠦ᠂ ᠬᠤᠶᠠᠷ ᠭᠠᠵᠠᠷ ᠤᠨ ᠰᠣᠶᠣᠯ ᠤᠷᠠᠯᠢᠭ ᠤᠨ ᠰᠣᠯᠢᠯᠴᠠᠭ᠎ᠠ ᠶᠢ ᠠᠬᠢᠭᠤᠯᠬᠤ ᠶᠢᠨ ᠬᠠᠮᠲᠤ ᠂ ᠥᠷᠭᠡᠨ ᠣᠯᠠᠨ ᠲᠦᠮᠡᠨ ᠳᠤ ᠨᠢᠭᠡ ᠤᠳᠠᠭᠠᠨ ᠤ ᠤᠳᠬ᠎ᠠ ᠤᠷᠠᠯᠢᠭ ᠤᠨ ᠦᠪᠡᠳᠡᠭᠰᠢ ᠨᠠᠶᠢᠷ ᠢ ᠬᠦᠷᠭᠡᠪᠡ᠃
   ᠲᠣᠭᠯᠠᠯᠲᠠ ᠨᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠤᠨ ᠳᠡᠪᠰᠢᠭᠦᠯᠦᠭᠰᠡᠨ ᠪᠠᠶᠠᠷᠲᠤ ᠪᠥᠵᠢᠭ ︽ᠬᠥᠭᠵᠢᠯ ᠪᠠᠳᠠᠷᠠᠯ︾ ᠤᠨ ᠳᠤᠮᠳᠠ ᠬᠥᠰᠢᠭᠡ ᠪᠠᠨ ᠰᠡᠬᠦᠵᠦ᠂ ᠤᠷᠳᠤ ᠶᠢᠨ ᠳᠠᠭᠤᠤ ︽ᠥᠷᠭᠡᠨ ᠠᠭᠤᠳᠠᠮ ᠲᠠᠯ᠎ᠠ ᠨᠤᠲᠤᠭ︾᠂ ᠱᠤᠭ ᠵᠦᠴᠦᠭᠡ ︽ᠲᠦᠴᠢᠦᠸᠠᠨ ᠢᠶᠠᠷ ᠵᠤᠭᠠᠴᠠᠶ᠎ᠠ︾᠂ ᠤᠤᠭᠠᠯ ᠠᠮᠢ ᠠᠬᠤᠢ ᠬᠠᠮᠳᠤᠯᠢᠭ ︽ᠬᠤᠷᠴᠢᠨ ᠠᠷᠢᠬᠢ︾᠂ ᠡᠯ ᠷᠧᠨ ᠵᠤᠸᠠᠨ ︽ᠡᠷ᠎ᠡ ᠡᠮ᠎ᠡ ᠬᠤᠶᠠᠭᠤᠯᠠ ᠠᠶᠢᠯ ᠭᠡᠷ︾᠂ ᠬᠠᠮᠲᠤ ᠶᠢᠨ ᠪᠥᠵᠢᠭ ︽ᠠᠭᠤᠯᠠ ᠶᠢᠨ ᠳᠠᠭᠤᠤ ᠳᠠᠭᠤᠯᠠᠵᠤ ᠨᠠᠮ ᠳᠠᠭᠠᠨ ᠰᠣᠨᠣᠰᠬᠠᠶ᠎ᠠ︾᠂ ᠬᠤᠶᠠᠷ ᠤᠯᠠᠭᠠᠨᠮᠥ᠋ᠴᠢᠷ ᠤᠨ ᠭᠡᠰᠢᠭᠦᠳ ᠤᠨ ᠬᠠᠮᠲᠤᠷᠠᠨ ᠪᠡᠶᠡᠯᠡᠭᠦᠯᠦᠭᠰᠡᠨ ᠮᠤᠷᠢᠨ ᠬᠤᠭᠤᠷ ᠤᠨ ᠬᠥᠭᠵᠢᠮ ︽ᠴᠠᠭᠠᠨ ᠮᠣᠷᠢ ︾᠂ ᠪᠥᠵᠢᠭ ︽ᠪᠠᠶᠠᠷ ᠤᠨ ᠳᠠᠭᠤᠤ︾ ᠵᠡᠷᠭᠡ ᠭᠤᠴᠣ ᠰᠠᠶᠢᠬᠠᠨ ᠲᠣᠭᠯᠠᠯᠲᠠ ᠨᠤᠭᠤᠳ ᠨᠢᠵᠢᠭᠢᠨᠡᠲᠡᠯ᠎ᠡ ᠠᠯᠠᠭ᠎ᠠ ᠲᠠᠰᠢᠪᠠ᠃
   ︽ᠬᠤᠶᠠᠷ ᠤᠯᠠᠭᠠᠨᠮᠥ᠋ᠴᠢᠷ ᠮᠠᠰᠢ ᠰᠠᠶᠢᠨ ᠲᠣᠭᠯᠠᠵᠠᠶ᠂ ᠦᠵᠡᠭᠡᠳ ᠮᠠᠰᠢ ᠪᠠᠶᠠᠷᠲᠠᠶ ᠪᠠᠶᠢᠨ᠎ᠠ᠂ ᠲᠡᠳᠡᠨ ᠤ ᠬᠤᠵᠢᠮ ᠢᠯᠡᠭᠦᠬᠡᠨ ᠢᠷᠡᠬᠦ ᠶᠢ ᠬᠦᠰᠡᠵᠦ ᠪᠠᠶᠢᠨ᠎ᠠ᠃︾ ᠭᠡᠵᠦ ᠲᠦᠯᠢᠶᠡᠮᠤᠳᠤ ᠲᠠᠷᠢᠶᠠᠯᠠᠩ ᠤᠨ ᠲᠠᠯᠠᠪᠠᠢ ᠶᠢᠨ ᠤᠯᠠᠨ ᠲᠦᠮᠡᠨ ᠵᠧᠦ ᠴᠢᠩ ᠰᠢᠶᠠ ᠪᠠᠶᠠᠷᠲᠠᠢ ᠬᠡᠯᠡᠨ᠎ᠡ᠃
   ᠲᠣᠭᠯᠠᠯᠲᠠ ᠨᠢ ︽ᠡᠪ ᠬᠠᠮᠲᠤ ᠨᠠᠮ ᠪᠠᠶᠢᠬᠤ ᠦᠭᠡᠢ ᠪᠣᠯ ᠰᠢᠨ᠎ᠡ ᠳᠤᠮᠳᠠᠳᠤ ᠤᠯᠤᠰ ᠪᠠᠶᠢᠵᠤ ᠴᠢᠳᠠᠬᠤ ᠦᠭᠡᠢ ︾ ᠭᠡᠬᠦ ᠳᠠᠭᠤᠤ ᠶᠢᠨ ᠳᠤᠮᠳᠠ ᠥᠨᠳᠥᠷᠯᠡᠪᠡ᠂ ᠰᠣᠯᠢᠯᠴᠠᠨ ᠲᠣᠭᠯᠠᠯᠲᠠ ᠭᠠᠷᠭᠠᠬᠤ ᠬᠤᠭᠤᠴᠠᠭᠠᠨ ᠳᠤ᠂ ᠬᠤᠶᠠᠷ ᠭᠠᠵᠠᠷ ᠤᠨ ᠤᠯᠠᠭᠠᠨᠮᠥ᠋ᠴᠢᠷ ᠤᠨ ᠭᠡᠰᠢᠭᠦᠳ ᠪᠦᠯᠬᠦᠮᠳᠡᠨ ᠬᠠᠮᠵᠢᠯᠴᠠᠵᠤ᠂ ᠭᠠᠷ ᠬᠤᠯᠪᠣᠨ ᠮᠥᠷᠥ ᠵᠡᠷᠭᠡᠴᠡᠵᠦ᠂ ᠬᠡᠪ ᠨᠠᠮᠪᠠ ᠥᠪᠡᠷᠮᠢᠴᠡ᠂ ᠠᠮᠢᠳᠤᠯᠢᠭ ᠤᠯᠠᠨ ᠶᠠᠩᠵᠤ ᠶᠢᠨ ᠲᠣᠭᠯᠠᠯᠲᠠ ᠶᠢ ᠥᠷᠭᠡᠨ ᠤᠯᠠᠨ ᠲᠦᠮᠡᠨ ᠤ ᠡᠮᠦᠨ᠎ᠡ ᠢᠯᠡᠷᠡᠭᠦᠯᠵᠦ᠂ ᠥᠪᠡᠷᠮᠢᠴᠡ ᠣᠨᠴᠠᠯᠢᠭ ᠲᠠᠢ ᠤᠳᠬ᠎ᠠ ᠤᠷᠠᠯᠢᠭ ᠤᠨ ᠠᠭᠤᠯᠭ᠎ᠠ ᠪᠠᠷ ᠥᠷᠭᠡᠨ ᠤᠯᠠᠨ ᠲᠦᠮᠡᠨ ᠤ ᠠᠵᠢᠯ ᠤᠨ ᠴᠢᠯᠥᠭᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠪᠠ᠃
   ︽ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠳᠠᠭᠤᠤ ᠪᠥᠵᠢᠭ᠂ ᠬᠥᠭᠵᠢᠮᠳᠡᠭᠦᠷ  ᠲᠤ ᠠᠪᠢᠶᠠᠰ ᠲᠠᠢ᠂ ᠱᠤᠭ ᠵᠦᠴᠦᠭᠡ ᠪᠣᠯ ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠣᠨᠴᠠᠯᠢᠭ ᠪᠣᠯᠤᠨ᠎ᠠ᠂ ᠡᠨᠡ ᠤᠳᠠᠭ᠎ᠠ ᠶᠢᠨ ᠰᠣᠯᠢᠯᠴᠠᠨ ᠲᠣᠭᠯᠠᠯᠲᠠ ᠳᠤ ᠪᠢᠳᠡ ᠰᠣᠩᠭᠤᠳᠠᠭ ᠲᠣᠭᠯᠠᠯᠲᠠ ᠪᠠᠨ ᠠᠳᠡᠬᠢ ᠠᠷᠠᠳ ᠢᠷᠭᠡᠳ  ᠲᠤ ᠡᠷᠭᠦᠬᠦ ᠪᠠᠷ ᠪᠠᠷᠠᠬᠤ ᠥᠬᠡᠶ᠂ ᠲᠦᠴᠢᠦᠸᠠᠨ ᠰᠢᠶᠠᠨ ᠤ ᠤᠯᠠᠭᠠᠨᠮᠥ᠋ᠴᠢᠷ ᠲᠠᠢ ᠬᠠᠷᠢᠯᠴᠠᠨ ᠲᠣᠯᠢ ᠪᠣᠯᠭᠠᠵᠤ᠂ ᠬᠠᠷᠢᠯᠴᠠᠨ ᠰᠤᠷᠤᠯᠴᠠᠵᠤ᠂ ᠨᠠᠩ ᠣᠯᠠᠨ ᠰᠠᠶᠢᠨ ᠪᠦᠲᠦᠭᠡᠯ ᠢ ᠰᠢᠨ᠎ᠡ ᠶᠢ ᠡᠭᠦᠳᠦᠨ ᠵᠣᠬᠢᠶᠠᠨ ᠪᠦᠲᠦᠭᠡᠬᠦ ᠬᠡᠷᠡᠭᠲᠡᠶ᠃︾ ᠭᠡᠵᠦ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠤᠯᠠᠭᠠᠨᠮᠥ᠋ᠴᠢᠷ ᠤᠨ ᠨᠠᠮ ᠤᠨ ᠡᠭᠦᠷ ᠤᠨ ᠱᠦᠵᠢ᠂ ᠠᠩᠭᠢ ᠶᠢᠨ ᠳᠠᠷᠤᠭ᠎ᠠ ᠵᠠᠩ ᠰᠢᠤᠸᠠᠢ ᡁᠢ ᠬᠡᠯᠡᠪᠡ᠃
   ᠭᠤᠶᠢᠳᠠ ᠰᠠᠶᠢᠬᠠᠨ ᠤᠷᠠᠯᠢᠭ ᠤᠨ ᠲᠣᠭᠯᠠᠯᠲᠠ ᠭᠠᠷᠭᠠᠬᠤ ᠠᠴᠠ ᠭᠠᠳᠠᠨ᠎ᠠ᠂ ᠲᠣᠭᠯᠠᠯᠲᠠ ᠭᠠᠷᠭᠠᠬᠤ ᠠᠴᠠ ᠡᠮᠦᠨᠡᠬᠡᠨ᠂ ᠬᠤᠶᠠᠷ ᠤᠯᠠᠭᠠᠨᠮᠥ᠋ᠴᠢᠷ ᠢᠶᠠᠷ ᠪᠦᠷᠢᠯᠳᠦᠭᠰᠡᠨ ᠰᠠᠯᠪᠤᠷᠢ ᠠᠩᠭᠢ ᠪᠠᠰᠠ 91 ᠨᠠᠰᠤᠲᠠᠶ ᠠᠬᠠᠮᠠᠳ ᠨᠠᠮ  ᠤᠨ ᠭᠡᠰᠢᠭᠦᠨ ᠡᠩᠬᠡᠪᠠᠶᠠᠷ ᠤᠨ ᠬᠡᠷ ᠲᠤ ᠬᠦᠷᠴᠦ᠂ ᠠᠬᠠᠮᠠᠳ ᠨᠠᠮ ᠤᠨ ᠭᠡᠰᠢᠭᠦᠳ ᠲᠤ ᠪᠠᠶᠠᠷ ᠤᠨ ᠡᠳᠦᠷ ᠤᠨ ᠮᠡᠨᠳᠦᠴᠢᠯᠡᠯ ᠪᠠ ᠭᠤᠶᠢᠳᠠ ᠰᠠᠶᠢᠬᠠᠨ ᠲᠣᠭᠯᠠᠯᠲᠠ ᠬᠦᠷᠭᠡᠪᠡ᠃
   ︽ᠲᠣᠰ ᠤᠳᠠᠭᠠᠨ ᠤ ᠤᠯᠠᠭᠠᠨᠮᠥ᠋ᠴᠢᠷ ᠤᠨ ᠰᠣᠯᠢᠯᠴᠠᠭ᠎ᠠ ᠲᠣᠭᠯᠠᠯᠲᠠ ᠶᠢᠨ ᠠᠵᠢᠯᠯᠠᠭ᠎ᠠ ᠪᠠᠷ ᠳᠠᠮᠵᠢᠭᠤᠯᠤᠨ᠂ ᠤᠯᠠᠭᠠᠨᠮᠥ᠋ᠴᠢᠷ ᠤᠨ ᠵᠣᠷᠢᠭ ᠰᠠᠨᠠᠭ᠎ᠠ ᠶᠢ ᠪᠣᠳᠠᠲᠤ ᠠᠵᠢᠯᠯᠠᠭ᠎ᠠ ᠪᠠᠷ ᠢᠶᠠᠨ ᠤᠯᠠᠮᠵᠢᠯᠠᠨ ᠪᠠᠳᠠᠷᠠᠭᠤᠯᠵᠤ᠂ ᠰᠢᠨ᠎ᠡ ᠴᠠᠭ ᠦᠶ᠎ᠡ ᠶᠢᠨ ᠤᠯᠠᠭᠠᠨᠮᠥ᠋ᠴᠢᠷ ᠤᠨ ᠦᠶᠯᠡᠰ ᠤᠨ ᠵᠠᠯᠭᠠᠮᠵᠢᠯᠠᠨ ᠬᠥᠭᠵᠢᠭᠦᠯᠬᠦ ᠪᠠ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠤᠯᠠᠮ ᠨᠢᠭᠡ ᠠᠯᠬᠤᠮ ᠠᠬᠢᠭᠤᠯᠵᠤ᠂ ︿ᠲᠣᠭᠯᠠᠯᠲᠠ ᠭᠠᠷᠭᠠᠬᠤ᠂ ᠤᠬᠠᠭᠤᠯᠬᠤ᠂ ᠦᠶᠯᠡᠴᠢᠯᠡᠬᠦ᠂ ᠬᠠᠪᠰᠤᠷᠤᠨ ᠵᠢᠯᠣᠭᠤᠳᠬᠤ᠂ ᠵᠣᠬᠢᠶᠠᠨ ᠪᠦᠲᠦᠭᠡᠬᠦ᠂ ᠰᠢᠨ᠎ᠡ ᠶᠢ ᠡᠭᠦᠳᠬᠦ᠂ ᠤᠯᠠᠮᠵᠢᠯᠠᠨ ᠵᠠᠯᠭᠠᠮᠵᠢᠯᠠᠬᠤ᠂ ᠭᠠᠳᠠᠭᠠᠳᠤ ᠰᠣᠯᠢᠯᠴᠠᠭ᠎ᠠ ᠬᠢᠬᠦ﹀ ᠨᠠᠶᠮᠠᠨ ᠵᠦᠶᠯ ᠤᠨ ᠡᠭᠦᠷᠭᠡ ᠬᠠᠷᠢᠭᠤᠴᠠᠯᠭ᠎ᠠ ᠪᠠᠨ ᠢᠳᠡᠪᠬᠢᠲᠡᠶ ᠭᠦᠶᠴᠡᠳᠬᠡᠵᠦ᠂ ᠥᠷᠭᠡᠨ ᠣᠯᠠᠨ ᠲᠦᠮᠡᠨ ᠳᠤ ᠪᠠᠶᠠᠷ ᠪᠠᠶᠠᠰᠤᠯ ᠪᠠ ᠪᠣᠯᠪᠠᠰᠤᠨ ᠢ ᠬᠦᠷᠭᠡᠵᠦ᠂ ᠨᠠᠮ ᠤᠨ ᠲᠠᠭᠤᠨ ᠪᠠ ᠬᠠᠶᠢᠷ᠎ᠠ ᠬᠠᠯᠠᠮᠵᠢ ᠶᠢ ᠲᠦᠭ ᠲᠦᠮᠡᠨ ᠡᠷᠦᠬᠡ ᠳᠤ ᠳᠠᠮᠵᠢᠭᠤᠯᠵᠤ᠂ ᠪᠠᠰᠠ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 103 ᠵᠢᠯ ᠤᠨ ᠣᠶ ᠳᠤ ᠰᠠᠶᠢᠨ ᠰᠠᠶᠢᠬᠠᠨ ᠠᠭᠤᠷ ᠠᠮᠢᠰᠬᠤᠯ ᠢ ᠪᠣᠶ ᠪᠣᠯᠭᠠᠪᠠ᠃︾ ᠭᠡᠵᠦ ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠨᠠᠮ ᠤᠨ ᠡᠭᠦᠷ ᠤᠨ ᠱᠦᠵᠢ ᠳ᠋ᠦᠩ ᠶᠢᠨ ᠮᠧᠶ ᠲᠠᠨᠢᠯᠴᠠᠭᠤᠯᠤᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号