ᠤᠰᠤᠨ ᠳᠣᠳᠤᠷᠭ᠎ᠠ ᠶᠢᠨ ᠬᠢᠵᠢᠭ᠂ ᠡᠷᠳᠡᠨᠢ ᠰᠢᠰᠢ ᠶᠢᠨ ᠲᠣᠮᠣ ᠲᠣᠯᠪᠣᠲᠤ ᠡᠪᠡᠳᠴᠢᠨ ᠢ ᠤᠷᠢᠳᠴᠢᠯᠠᠨ ᠰᠡᠷᠭᠡᠶᠢᠯᠡᠬᠦ
ᠨᠡᠶᠢᠲᠡᠯᠡᠭᠰᠡᠨ ᠴᠠᠭ᠄
2024/7/5
   ᠬᠢᠩᠭᠠᠨ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠤᠷᠭᠤᠮᠠᠯ ᠤᠨ ᠬᠠᠮᠠᠭᠠᠯᠠᠯᠲᠠ ᠤᠷᠭᠤᠮᠠᠯ ᠤᠨ ᠪᠠᠶᠢᠴᠠᠭᠠᠯᠲᠠ ᠶᠢᠨ ᠰᠠᠯᠠᠭ᠎ᠠ ᠠᠴᠠ ᠥᠷᠭᠡᠨ ᠣᠯᠠᠨ ᠲᠠᠷᠢᠶᠠᠴᠢᠨ ᠡᠷᠦᠬᠡ ᠳᠤ ᠲᠠᠷᠢᠶᠠᠨ ᠭᠠᠵᠠᠷ ᠤᠨ ᠬᠠᠮᠢᠶᠠᠷᠤᠯᠲᠠ ᠶᠢ ᠴᠢᠩᠭᠠᠳᠬᠠᠵᠤ᠂ ᠤᠷᠭᠤᠮᠠᠯ ᠤᠨ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠶᠢ ᠴᠠᠭ ᠲᠤᠬᠠᠢ ᠳᠤᠨᠢ ᠬᠡᠷᠡᠭᠵᠢᠭᠦᠯᠵᠦ᠂ ᠡᠷᠲᠡ ᠰᠡᠷᠭᠡᠶᠢᠯᠡᠨ ᠵᠠᠰᠠᠬᠤ ᠶᠢ ᠰᠠᠨᠠᠭᠤᠯᠵᠤ ᠪᠠᠶᠢᠨ᠎ᠠ᠃ ᠤᠰᠤᠨ ᠲᠤᠲᠤᠷᠭ᠎ᠠ ᠶᠢᠨ ᠬᠢᠵᠢᠭ ᠪᠣᠯ ᠤᠰᠤᠨ ᠲᠤᠲᠤᠷᠭ᠎ᠠ ᠶᠢᠨ ᠴᠢᠬᠤᠯᠠ ᠭᠡᠮ ᠤᠨ ᠨᠢᠭᠡ ᠪᠠᠶᠢᠵᠤ᠂ ᠲᠤᠲᠤᠷᠭ᠎ᠠ ᠶᠢᠨ ᠲᠠᠷᠢᠶ᠎ᠠ ᠨᠡᠷᠪᠡᠭᠳᠡᠪᠡᠯ᠂ ᠤᠨᠠᠯᠲᠠ ᠶᠢ ᠬᠦᠨᠳᠦ ᠨᠣᠴᠢᠲᠠᠢ ᠪᠠᠭᠤᠷᠠᠭᠤᠯᠵᠤ᠂ ᠳᠡᠯᠭᠡᠷᠡᠭᠰᠡᠨ ᠵᠢᠯ ᠳᠤ ᠶᠡᠷᠦ ᠳᠡᠭᠡᠨ 10%-20% ᠪᠠᠷ ᠤᠨᠠᠯᠲᠠ ᠪᠠᠭᠠᠰᠴᠤ᠂ ᠬᠦᠨᠳᠦ ᠨᠣᠴᠢᠲᠠᠢ ᠨᠢ 45%-50% ᠬᠦᠷᠳᠡᠭ᠃ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠳᠣᠣᠷᠠᠬᠢ ᠮᠡᠲᠦ᠄ 1. ᠲᠠᠷᠢᠶᠠᠯᠠᠩ ᠤᠨ ᠠᠷᠭ᠎ᠠ ᠬᠡᠮᠵᠢᠶ᠎ᠡ᠄ ᠤᠰᠤᠨ ᠲᠤᠲᠤᠷᠭ᠎ᠠ ᠶᠢᠨ ᠳᠤᠮᠳᠠ ᠰᠡᠭᠦᠯᠴᠢ ᠶᠢᠨ ᠬᠤᠭᠤᠴᠠᠭᠠᠨ ᠤ ᠲᠠᠷᠢᠶᠠᠨ ᠭᠠᠵᠠᠷ ᠤᠨ ᠬᠠᠮᠢᠶᠠᠷᠤᠯᠲᠠ ᠳᠤ ᠤᠰᠤ᠂ ᠪᠣᠷᠳᠣᠭᠤᠷ ᠤᠨ ᠬᠠᠮᠢᠶᠠᠷᠤᠯᠲᠠ ᠶᠢ ᠣᠨᠴᠠᠭᠠᠶᠢᠯᠠᠨ ᠴᠢᠬᠤᠯᠠᠴᠢᠯᠠᠬᠤ ᠬᠡᠷᠡᠭᠲᠡᠢ᠃ ︽ᠭᠦᠢᠬᠡᠨ ︱ ᠴᠢᠬᠢᠭ ︱ ᠬᠠᠭᠤᠷᠠᠢ︾ ᠠᠯᠠᠭᠯᠠᠨ ᠤᠰᠤᠯᠠᠬᠤ ᠮᠡᠷᠭᠡᠵᠢᠯ ᠢ ᠬᠡᠷᠡᠭᠵᠢᠭᠦᠯᠵᠦ᠂ ᠠᠽᠣᠲ ᠪᠣᠷᠳᠣᠭᠤᠷ ᠢ ᠡᠷᠲᠡ ᠣᠷᠣᠭᠤᠯᠬᠤ ᠶᠢᠨ ᠬᠠᠮᠲᠤ ᠬᠡᠷᠡᠭᠯᠡᠬᠦ ᠬᠡᠮᠵᠢᠶ᠎ᠡ ᠶᠢ ᠬᠢᠵᠠᠭᠠᠷᠯᠠᠵᠤ᠂ ᠹᠣᠰᠹᠣᠷ ᠺᠠᠯᠢ ᠶᠢᠨ ᠪᠣᠷᠳᠣᠭᠤᠷ ᠨᠡᠮᠡᠵᠦ ᠣᠷᠣᠭᠤᠯᠤᠨ᠂ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ ᠶᠢ ᠰᠦᠷᠴᠢᠨ ᠣᠷᠣᠭᠤᠯᠤᠨ᠎ᠠ᠃ ᠤᠰᠤᠨ ᠲᠤᠲᠤᠷᠭ᠎ᠠ ᠶᠢᠨ ᠪᠣᠯᠪᠠᠰᠤᠷᠠᠭᠤᠯᠤᠨ ᠪᠤᠶᠢᠵᠢᠭᠤᠯᠬᠤ ᠠᠵᠢᠯ ᠢ ᠴᠢᠩᠭᠠᠳᠬᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠲᠡᠢ᠃ ᠡᠭᠦᠨ ᠤ ᠬᠠᠮᠲᠤ᠂ ᠤᠰᠤ ᠴᠡᠪᠡᠷᠰᠢᠭᠦᠯᠬᠦ ᠰᠤᠪᠠᠭ ᠪᠣᠯᠣᠨ ᠴᠥᠭᠦᠷᠥᠮ ᠳᠡᠭᠡᠷᠡᠬᠢ ᠪᠤᠵᠠᠷ ᠡᠪᠡᠰᠦ ᠶᠢ ᠬᠠᠳᠤᠵᠤ᠂ ᠰᠠᠯᠬᠢ ᠭᠡᠷᠡᠯ ᠨᠡᠪᠲᠡᠷᠡᠭᠦᠯᠬᠦ ᠴᠢᠨᠠᠷ ᠢ ᠨᠡᠮᠡᠭᠳᠡᠭᠦᠯᠬᠦ ᠬᠡᠷᠡᠭᠲᠡᠢ᠃ ᠲᠤᠲᠤᠷᠭᠠᠨ ᠡᠪᠡᠰᠦ ᠶᠢ ᠴᠡᠪᠡᠷᠯᠡᠨ ᠠᠷᠢᠯᠭᠠᠵᠤ᠂ ᠲᠠᠷᠢᠶᠠᠨ ᠭᠠᠵᠠᠷ ᠤᠨ ᠪᠠᠺᠠᠲ᠋ᠧᠷᠢ ᠶᠢᠨ ᠡᠬᠢ ᠶᠢ ᠪᠠᠭᠠᠰᠬᠠᠬᠤ ᠬᠡᠷᠡᠭᠲᠡᠢ᠃ 2. ᠡᠮ ᠢᠶᠠᠷ ᠰᠡᠷᠭᠡᠶᠢᠯᠡᠨ ᠵᠠᠰᠠᠬᠤ᠄ ᠰᠠᠨ ᠬᠤᠸᠠᠨ ᠽᠦᠸᠧ ︵ᠪᠢ ᠶᠠᠨ︶᠂ ᠳ᠋ᠣᠣ ᠸᠧᠨ ᠯᠢᠩ ︵ᠹᠦ᠋ ᠲᠦ᠋ ᠨᠢᠭᠡᠳᠦᠭᠡᠷ ᠨᠣᠮᠧᠷ︶᠂ ᠴᠦᠨ ᠯᠧᠢ ᠮᠸᠢ ᠰᠦ ︵ᠵᠢᠶᠠ ᠱᠤᠤ ᠮᠢ︶ ᠵᠡᠷᠭᠡ ᠡᠮ ᠢᠶᠠᠷ ᠰᠡᠷᠭᠡᠶᠢᠯᠡᠨ ᠵᠠᠰᠠᠵᠤ᠂ ᠰᠡᠷᠭᠡᠶᠢᠯᠡᠨ ᠵᠠᠰᠠᠬᠤ ᠳᠠᠭᠠᠨ ᠤᠰᠤᠨ ᠲᠤᠲᠤᠷᠭ᠎ᠠ ᠶᠢᠨ ᠴᠡᠴᠡᠭ ᠬᠡᠶᠢᠰᠬᠡᠬᠦ ᠬᠤᠭᠤᠴᠠᠭ᠎ᠠ ᠠᠴᠠ ᠵᠠᠶᠢᠯᠠᠵᠤ᠂ ᠡᠮ ᠤᠨ ᠬᠤᠣᠷᠳᠠᠯ ᠭᠠᠷᠬᠤ ᠪᠠ ᠤᠰᠤᠨ ᠲᠤᠲᠤᠷᠭ᠎ᠠ ᠶᠢᠨ ᠨᠤᠨᠳᠠᠭ ᠤᠨᠠᠬᠤ ᠶᠢ ᠰᠡᠷᠭᠡᠶᠢᠯᠡᠬᠦ ᠬᠡᠷᠡᠭᠲᠡᠢ᠃    ᠡᠷᠳᠡᠨᠢ ᠰᠢᠰᠢ ᠶᠢᠨ ᠲᠣᠮᠣ ᠲᠣᠯᠪᠣᠲᠤ ᠡᠪᠡᠳᠴᠢᠨ ᠪᠣᠯ ᠲᠣᠮᠣ ᠲᠣᠯᠪᠣᠲᠤ ᠡᠪᠡᠳᠴᠢᠨ ᠤ ᠭᠦᠳᠦᠭᠦᠷ ᠬᠦᠢᠰᠦ ᠠᠴᠠ ᠡᠭᠦᠰᠦᠭᠰᠡᠨ ᠡᠷᠳᠡᠨᠢ ᠰᠢᠰᠢ ᠶᠢᠨ ᠡᠪᠡᠳᠴᠢᠨ ᠤ ᠬᠥᠨᠥᠭᠡᠯ ᠪᠣᠯᠤᠨ᠎ᠠ᠃ ᠭᠤᠣᠯ ᠨᠢ ᠨᠠᠪᠴᠢ ᠳᠤ ᠬᠤᠣᠷ ᠬᠥᠨᠥᠭᠡᠯ ᠤᠴᠠᠷᠠᠭᠤᠯᠳᠠᠭ᠂ ᠬᠦᠨᠳᠦ ᠨᠣᠴᠢᠲᠠᠢ ᠦᠶ᠎ᠡ ᠳᠤ ᠪᠠᠰᠠ ᠨᠠᠪᠴᠢᠨ ᠤ ᠳᠤᠭᠲᠤᠢ ᠪᠠ ᠪᠠᠭᠯᠠᠭᠴᠢ ᠨᠠᠪᠴᠢ ᠶᠢ ᠬᠤᠬᠢᠷᠠᠭᠤᠯᠵᠤ᠂ ᠶᠡᠷᠦ ᠳᠤ ᠪᠠᠨ ᠢᠷᠤᠭᠠᠷ ᠤᠨ ᠨᠠᠪᠴᠢ ᠠᠴᠠ ᠡᠬᠢᠯᠡᠨ ᠢᠳᠡᠭ ᠢᠳᠡᠭ ᠢᠶᠠᠷ ᠳᠡᠭᠡᠭᠰᠢᠯᠡᠨ ᠂ ᠬᠦᠨᠳᠦ ᠨᠣᠴᠢᠲᠠᠢ ᠦᠶ᠎ᠡ ᠳᠤ ᠪᠦᠬᠦ ᠰᠠᠭᠤᠷᠢ ᠶᠢ ᠬᠦᠨᠦᠭᠡᠵᠤ᠂ ᠶᠡᠭᠡ ᠡᠭᠦᠰᠬᠦ ᠦᠶ᠎ᠡ ᠳᠤ ᠶᠡᠷᠦ ᠳᠤ ᠪᠠᠨ 15%-20% ᠪᠠᠷ ᠤᠨᠠᠯᠲᠠ ᠬᠠᠰᠤᠭᠳᠠᠵᠤ᠂ ᠬᠦᠨᠳᠦ ᠨᠣᠴᠢᠲᠠᠢ ᠦᠶ᠎ᠡ ᠳᠤ ᠤᠨᠠᠯᠲᠠ ᠨᠢ 50% ᠠᠴᠠ ᠳᠡᠭᠡᠭᠰᠢ ᠪᠠᠭᠤᠷᠠᠳᠠᠭ᠃ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠨᠢ ᠳᠣᠣᠷᠠᠬᠢ ᠮᠡᠲᠦ᠄ ᠲᠠᠷᠢᠶᠠᠨ ᠤ ᠡᠪᠡᠳᠴᠢᠨ ᠤ ᠰᠠᠭᠤᠷᠢ ᠶᠢᠨ ᠨᠣᠷᠮ᠎ᠠ ᠨᠢ 70% ᠠᠴᠠ ᠳᠡᠭᠡᠭᠰᠢ᠂ ᠲᠠᠩ ᠰᠠᠭᠤᠷᠢ ᠶᠢᠨ ᠡᠪᠡᠳᠴᠢᠨ ᠲᠠᠢ ᠨᠠᠪᠴᠢᠨ ᠤ ᠨᠣᠷᠮ᠎ᠠ ᠨᠢ 20% ᠳᠤ ᠬᠦᠷᠬᠦ ᠦᠶ᠎ᠡ ᠳᠤ᠂ ᠡᠮ ᠰᠦᠷᠴᠢᠬᠦ ᠬᠡᠷᠡᠭᠲᠡᠢ᠃ 1000 ᠳ᠋ᠦᠩᠰᠢᠭᠤᠷ ᠨᠠᠬᠢᠶ᠎ᠠ ᠰᠫᠣᠷ / ᠺᠧ ᠺᠦ᠋ ᠡᠪᠡᠰᠦᠨ ᠨᠠᠬᠢᠶ᠎ᠠ ᠰᠫᠣᠷᠲᠦ ᠰᠠᠪᠬᠠᠨᠴᠢᠷ ᠪᠠᠺᠲ᠋ᠧᠷᠢ ᠶᠢᠨ 4000 ᠳᠠᠬᠢᠨ ᠰᠢᠩᠭᠡᠨ ︵15 ~ 20 ᠭᠷᠡᠮ / ᠮᠦ  ︶᠂ 17% ᠡᠦ ᠫᠠ ᠰᠢᠦᠸᠠᠨ ᠴᠠᠶᠢᠳᠠᠮ ᠡᠮ 1000 ᠳᠠᠬᠢᠨ ᠰᠢᠩᠭᠡᠨ ︵50 ~ 75 ᠮᠢᠯᠢᠯᠢᠳ᠋ᠷ / ᠮᠦ︶᠂ 25% ᠶᠢᠨ ᠹᠯᠣᠷᠲᠤ ᠴᠠᠬᠢᠭᠤᠷ ᠠᠽᠤᠯᠤᠨ ᠴᠠᠶᠢᠳᠠᠮ ᠲᠤᠰᠤᠨ ᠤ 8000 ᠳᠠᠬᠢᠨ ᠰᠢᠩᠭᠡᠨ ︵6 ~ 9 ᠮᠢᠯᠢᠯᠢᠳ᠋ᠷ / ᠮᠦ︶᠃ ᠮᠦ ᠪᠦᠷᠢ ᠬᠡᠷᠡᠭᠯᠡᠬᠦ ᠡᠮ 50 ~ 75 ᠭᠷᠡᠮ᠂ 7 ~ 10 ᠡᠳᠦᠷ ᠠᠯᠤᠰᠯᠠᠵᠤ 1 ᠤᠳᠠᠭ᠎ᠠ ᠡᠮ ᠰᠦᠷᠴᠢᠵᠦ᠂ ᠨᠡᠶᠢᠲᠡ 2 ~ 3 ᠤᠳᠠᠭ᠎ᠠ ᠰᠡᠷᠭᠡᠶᠢᠯᠡᠨ ᠵᠠᠰᠠᠳᠠᠭ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号