ᠬᠡᠷ ᠤᠨ ᠰᠤᠷᠲᠠᠯ ᠬᠡᠷ ᠤᠨ ᠰᠤᠷᠭᠠᠯ ᠨᠢ ᠰᠡᠳᠬᠢᠯ ᠢ ᠤᠮᠳᠠᠯᠠᠵᠦ ᠪᠣᠯᠪᠠᠰᠤᠨ ᠨᠤᠲᠤᠭ ᠤᠨ ᠰᠤᠷᠲᠠᠯ ᠬᠥᠮᠦᠨ  ᠤ ᠰᠡᠳᠬᠢᠯ ᠢ ᠳᠤᠯᠠᠭᠠᠴᠠᠭᠤᠯᠤᠨ᠎ᠠ
ᠨᠡᠶᠢᠲᠡᠯᠡᠭᠰᠡᠨ ᠴᠠᠭ᠄
2024/7/10
   ᠤᠷᠤᠨ ᠤ ᠲᠡᠰ ᠤᠨ ᠪᠣᠯᠪᠠᠰᠤᠨ ᠲᠣᠰᠬᠤᠨ— ᠶᠦᠩ ᠠᠨ ᠪᠠᠯᠭᠠᠰᠤᠨ ᠤ ᠺᠤᠤ ᠱᠠᠨ ᠲᠣᠰᠬᠤᠨ ᠢᠶᠠᠷ ᠠᠯᠬᠤᠯᠠᠬᠤ ᠳᠤ᠂ ᠴᠡᠪᠡᠷ ᠴᠡᠮᠴᠡᠭᠡᠷ ᠵᠡᠭᠡᠯᠢ ᠭᠤᠳᠤᠮᠵᠢ ᠬᠠᠷᠠᠭᠠᠨ ᠳᠤ ᠲᠣᠳᠣᠷᠠᠵᠤ᠂ ᠡᠮᠬᠢ ᠵᠠᠮᠪᠠᠷᠠᠭ᠎ᠠ ᠲᠠᠢ ᠲᠠᠷᠢᠶᠠᠴᠢᠨ ᠠᠶᠢᠯ ᠤᠨ ᠵᠢᠵᠢᠭ ᠬᠦᠷᠢᠶ᠎ᠡ ᠶᠢᠨ ᠴᠢᠮᠡᠭᠯᠡᠯ ᠳᠣᠣᠷ᠎ᠠ ᠬᠠᠷᠢᠯᠴᠠᠨ ᠬᠠᠪᠰᠤᠷᠤᠯᠴᠠᠵᠤ᠂ ᠬᠤᠶᠠᠷ ᠭᠤᠷᠪᠠᠨ ᠲᠣᠰᠬᠤᠨ ᠤ ᠠᠷᠠᠳ ᠰᠡᠯᠡᠭᠦᠴᠡᠨ ᠥᠩᠭᠡᠷᠡᠵᠦ᠂ ᠦᠨᠳᠦᠰᠦᠲᠡᠨ ᠤ ᠪᠦᠯᠬᠦᠮᠳᠡᠯ᠂ ᠨᠤᠲᠤᠭ ᠤᠨ ᠰᠤᠷᠲᠠᠯ ᠪᠣᠯᠪᠠᠰᠤᠨ᠂ ᠠᠮᠢ ᠠᠬᠤᠢ ᠶᠢᠨ ᠪᠣᠯᠪᠠᠰᠤᠨ ᠣᠷᠣᠨ ᠤ ᠲᠡᠰ ᠤᠨ ᠪᠣᠯᠪᠠᠰᠤᠨ ᠲᠣᠰᠬᠤᠨ ᠨᠢᠳᠦᠨ ᠡᠮᠦᠨ᠎ᠡ ᠲᠣᠳᠣᠷᠠᠨ᠎ᠠ᠃
   ᠲᠦᠴᠢᠦᠸᠠᠨ ᠰᠢᠶᠠᠨ ᠤ ᠶᠦᠩ ᠠᠨ ᠪᠠᠯᠭᠠᠰᠤᠨ ᠤ ᠺᠤᠤ ᠱᠠᠨ ᠲᠣᠰᠬᠤᠨ ᠤ ᠠᠶᠢᠯ ᠡᠷᠦᠬᠡ ᠶᠢᠨ ᠬᠦᠷᠢᠶᠡᠨ ᠬᠡᠷᠡᠮ ᠳᠡᠭᠡᠷ᠎ᠡ ᠵᠠᠩ ᠳᠠᠳᠬᠠᠯ ᠢ ᠥᠭᠡᠷᠡᠴᠢᠯᠡᠬᠦ ᠦᠵᠡᠭᠦᠯᠦᠯᠭᠡ ᠶᠢᠨ ᠫᠠᠶᠢᠰᠠ ᠨᠠᠭᠠᠵᠤ᠂ ᠫᠠᠶᠢᠰᠠᠨ ᠳᠡᠭᠡᠷ᠎ᠡ ᠨᠡᠶᠢᠭᠡᠮ ᠵᠢᠷᠤᠮ ᠤᠨ ᠭᠤᠣᠯᠯᠠᠬᠤ ᠥᠷᠲᠡᠭ ᠤᠨ ᠦᠵᠡᠯᠲᠡ᠂ ᠳᠤᠮᠳᠠᠳᠤ ᠶᠢᠨ ᠤᠯᠠᠮᠵᠢᠯᠠᠯᠲᠤ ᠰᠣᠶᠣᠯ᠂ ᠬᠤᠷᠢᠨ ᠳᠥᠷᠪᠡᠨ ᠠᠴᠢᠯᠠᠯᠲᠤ ᠦᠯᠢᠭᠡᠷ ᠵᠡᠷᠭᠡ ᠠᠭᠤᠯᠭ᠎ᠠ ᠶᠢ ᠪᠢᠴᠢᠵᠦ᠂ ᠦᠵᠡᠭᠦᠯᠦᠯᠭᠡ ᠶᠢᠨ ᠫᠠᠶᠢᠰᠠ ᠶᠢᠨ ᠠᠭᠤᠯᠭ᠎ᠠ ᠨᠢ ᠠᠭᠠᠵᠢᠮ  ᠢᠶᠠᠷ ᠲᠣᠰᠬᠤᠨ ᠤ ᠠᠷᠠᠳ ᠤᠨ ᠭᠡᠷ ᠤᠨ ᠰᠤᠷᠲᠠᠯ ᠭᠡᠷ ᠤᠨ ᠰᠤᠷᠭᠠᠯ ᠪᠣᠯᠵᠠᠶ᠃    ︽ᠭᠡᠷ ᠪᠠᠶᠢᠪᠠᠯ ᠰᠠᠶ᠋ᠢ ᠤᠯᠤᠰ ᠪᠠᠶᠢᠵᠤ᠂ ᠤᠯᠤᠰ ᠪᠣᠯ ᠲᠦᠭ ᠲᠦᠮᠡᠨ ᠭᠡᠷ ᠪᠣᠯᠤᠨ᠎ᠠ᠃ ᠤᠯᠤᠰ ᠣᠷᠣᠨ ᠤ ᠪᠠᠶᠠᠨ ᠬᠦᠴᠦᠷᠬᠡᠭ ᠨᠢ ᠲᠦᠭ ᠲᠦᠮᠡᠨ ᠵᠢᠵᠢᠭ ᠠᠶᠢᠯ ᠡᠷᠦᠬᠡ ᠪᠠᠷ ᠪᠦᠷᠢᠯᠳᠦᠭᠰᠡᠨ ᠶᠤᠮ᠃ ᠡᠶᠢᠮᠦ ᠠᠴᠠ ᠰᠠᠶᠢᠨ ᠰᠠᠶᠢᠬᠠᠨ ᠭᠡᠷ ᠤᠨ ᠰᠤᠷᠲᠠᠯ ᠪᠣᠯ ᠪᠣᠯᠪᠠᠰᠤᠨ ᠨᠤᠲᠤᠭ ᠤᠨ ᠰᠤᠷᠲᠠᠯ ᠤᠨ ︿ᠲᠦᠯᠬᠢᠭᠴᠢ﹀ ᠮᠥᠨ᠃︾ ᠭᠡᠵᠦ ᠺᠤᠤ ᠱᠠᠨ ᠲᠣᠰᠬᠤᠨ ᠤ ᠱᠦᠵᠢ ᠪᠣᠯᠪᠠᠰᠤᠨ ᠨᠤᠲᠤᠭ ᠤᠨ ᠰᠤᠷᠲᠠᠯ ᠤᠨ ᠲᠤᠬᠠᠶ ᠶᠠᠷᠢᠬᠤ ᠳᠠᠭᠠᠨ ᠶᠡᠭᠡ ᠣᠯᠤᠯᠲᠠ ᠲᠠᠢ ᠪᠠᠶᠢᠯ᠎ᠠ᠃ ᠣᠶᠢᠷ᠎ᠠ ᠶᠢᠨ ᠵᠢᠯ ᠠᠴᠠ ᠨᠠᠭᠠᠰᠢ᠂ ᠺᠤᠤ ᠱᠠᠨ ᠲᠣᠰᠬᠤᠨ ᠳᠤ ᠲᠦᠰᠢᠭᠯᠡᠨ ᠰᠠᠶᠢᠨ ᠰᠠᠶᠢᠬᠠᠨ ᠬᠡᠷ ᠤᠨ ᠰᠤᠷᠲᠠᠯ ᠢ ᠪᠥᠲᠥᠭᠡᠨ ᠪᠠᠶᠢᠭᠤᠯᠬᠤ ᠶᠢ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠦᠵᠡᠯᠲᠡ ᠶᠢ ᠪᠠᠳᠠᠷᠠᠭᠤᠯᠤᠨ ᠦᠶᠯᠡᠳᠦᠯᠭᠡᠵᠢᠭᠦᠯᠬᠦ ᠶᠢᠨ ᠴᠢᠬᠤᠯᠠ ᠰᠠᠭᠤᠷᠢ ᠪᠠ ᠬᠦᠴᠦᠲᠡᠶ ᠭᠠᠷᠳᠠᠴᠠ ᠪᠣᠯᠭᠠᠵᠤ᠂ ᠰᠠᠶᠢᠨ ᠰᠠᠶᠢᠬᠠᠨ ᠬᠡᠷ ᠤᠨ ᠰᠤᠷᠲᠠᠯ ᠬᠡᠷ ᠤᠨ ᠰᠤᠷᠭᠠᠯ ᠢ ᠬᠥᠮᠦᠵᠢᠭᠦᠯᠬᠦ ᠪᠠᠷ ᠳᠠᠮᠵᠢᠭᠤᠯᠤᠨ ᠬᠡᠷ ᠪᠦᠯᠢ ᠶᠢᠨ ᠡᠶ᠎ᠡ ᠨᠠᠶᠢᠷᠠᠮᠳᠠᠭᠤ᠂ ᠦᠨᠳᠦᠰᠦᠲᠡᠨ ᠤ ᠪᠦᠯᠬᠦᠮᠳᠡᠯ᠂ ᠠᠵᠤ ᠠᠬᠤᠶ ᠶᠢᠨ ᠴᠡᠴᠡᠭᠯᠡᠯᠲᠡ ᠶᠢ ᠠᠬᠢᠭᠤᠯᠪᠠ᠃    ᠰᠠᠶᠢᠨ ᠰᠠᠶᠢᠬᠠᠨ ᠭᠡᠷ ᠤᠨ ᠰᠤᠷᠲᠠᠯ ᠭᠡᠷ ᠤᠨ ᠰᠤᠷᠭᠠᠯ ᠤᠨ ᠪᠠᠳᠠᠷᠠᠭᠤᠯᠬᠤ ᠢᠳᠡᠪᠬᠢ ᠬᠦᠴᠦᠨ ᠢ ᠪᠣᠶᠢᠵᠢᠭᠤᠯᠤᠨ᠎ᠠ    ᠰᠠᠶᠢᠨ ᠰᠠᠶᠢᠬᠠᠨ ᠭᠡᠷ ᠤᠨ ᠰᠤᠷᠲᠠᠯ ᠭᠡᠷ ᠤᠨ ᠰᠤᠷᠭᠠᠯ ᠢ ᠨᠠᠩ ᠰᠠᠶᠢᠨ ᠬᠥᠮᠦᠵᠢᠭᠦᠯᠬᠦ ᠶᠢᠨ ᠲᠥᠯᠥᠭᠡ᠂ ᠶᠦᠩ ᠠᠨ ᠪᠠᠯᠭᠠᠰᠤᠨ ᠤ ᠺᠤᠤ ᠱᠠᠨ ᠲᠣᠰᠬᠤᠨ ᠰᠠᠷ᠎ᠠ ᠪᠦᠷᠢ ᠶᠢᠨ 16 ᠤ ᠡᠳᠦᠷ ᠪᠣᠯ ᠬᠡᠷ ᠤᠨ ᠰᠤᠷᠲᠠᠯ ᠰᠠᠶᠢᠨ ᠬᠡᠷ ᠤᠨ ᠰᠤᠷᠭᠠᠯ ᠤᠨ ᠭᠤᠤᠯ ᠰᠡᠳᠦᠪᠲᠦ ᠠᠵᠢᠯᠯᠠᠭ᠎ᠠ ᠶᠢᠨ ᠡᠳᠦᠷ ᠪᠣᠯᠤᠨ᠎ᠠ᠂ ᠲᠣᠰᠬᠤᠨ ᠤ ᠠᠷᠠᠳ ᠢ ᠵᠣᠬᠢᠶᠠᠨ ᠪᠠᠶᠢᠭᠤᠯᠵᠤ ᠶᠡᠷᠦᠩᠬᠡᠶ ᠱᠦᠵᠢ ᠰᠢ ᠶᠢᠨ ᠫᠢᠩ ᠤᠨ ᠭᠡᠷ ᠤᠨ ᠰᠤᠷᠲᠠᠯ ᠭᠡᠷ ᠤᠨ ᠰᠤᠷᠭᠠᠯ ᠤᠨ ᠲᠤᠬᠠᠶ ᠬᠠᠮᠢᠶ᠎ᠠ ᠪᠦᠬᠦᠢ ᠥᠭᠦᠯᠡᠯᠲᠡ ᠶᠢ ᠬᠠᠮᠲᠤ ᠪᠠᠷ ᠰᠤᠷᠤᠯᠴᠠᠭᠤᠯᠤᠨ᠎ᠠ᠃ ︽ᠬᠡᠷ ᠢᠶᠠᠨ ᠰᠠᠬᠢᠬᠤ ᠰᠤᠷᠲᠠᠯ︾ ᠤᠬᠠᠭᠤᠯᠭ᠎ᠠ ᠶᠢᠨ ᠹᠢᠯᠢᠮ ᠢ ᠰᠣᠨᠢᠷᠬᠠᠪᠠ᠂ ᠡᠭᠦᠨ ᠤ ᠬᠠᠮᠲᠤ ᠪᠠᠰᠠ ᠬᠥᠳᠡᠭᠡ ᠲᠣᠰᠬᠤᠨ ᠤ ᠪᠣᠳᠠᠲᠤ ᠪᠠᠶᠢᠳᠠᠯ ᠲᠠᠢ ᠤᠶᠠᠯᠳᠤᠭᠤᠯᠤᠨ ︽ᠠᠷᠢᠬᠢ ᠤᠤᠭᠤᠭᠰᠠᠨ ᠤ ᠳᠠᠷᠠᠭ᠎ᠠ ᠲᠡᠷᠭᠡ ᠵᠢᠯᠣᠭᠤᠳᠬᠤ ᠥᠬᠡᠶ︾᠂ ︽ᠬᠡᠷ ᠤᠨ ᠰᠤᠷᠲᠠᠯ ᠢᠶᠠᠨ ᠰᠠᠬᠢᠨ ᠪᠡᠷᠡᠯᠡᠵᠦ ᠤᠯᠤᠰ ᠤᠨ ᠠᠮᠤᠷ ᠲᠦᠪᠰᠢᠨ ᠢ ᠬᠠᠮᠠᠭᠠᠯᠠᠬᠤ︾᠂ ︽ᠶᠡᠭᠡ ᠦᠨᠡᠲᠡᠶ ᠪᠡᠯᠡᠭ ᠬᠦᠷᠭᠡᠬᠦ ᠶᠢ ᠡᠷᠡᠰ ᠬᠤᠷᠢᠭᠯᠠᠵᠤ ᠪᠣᠯᠪᠠᠰᠤᠨ ᠣᠷᠤᠭ ᠬᠤᠷᠢᠮ ᠢ ᠰᠠᠨᠠᠭᠠᠴᠢᠯᠠᠬᠤ︾᠂ ︽ᠠᠶᠤᠯᠭᠦᠶ ᠦᠶᠯᠡᠳᠪᠦᠷᠢᠯᠡᠯ︾ ᠵᠡᠷᠭᠡ ᠣᠯᠠᠨ ᠭᠤᠤᠯ ᠰᠡᠳᠦᠪᠲᠦ ᠤᠬᠠᠭᠤᠯᠤᠨ ᠲᠠᠶᠢᠯᠪᠤᠷᠢᠯᠠᠯᠲᠠ ᠶᠢ ᠥᠷᠨᠢᠭᠦᠯᠪᠡ᠃ ᠤᠬᠠᠭᠤᠯᠤᠨ ᠲᠠᠶᠢᠯᠪᠤᠷᠢᠯᠠᠬᠤ ᠪᠠᠷ ᠳᠠᠮᠵᠢᠭᠤᠯᠤᠨ ᠲᠣᠰᠬᠤᠨ ᠤ ᠠᠷᠠᠳ ᠢ ᠬᠥᠲᠥᠯᠥᠨ ᠵᠢᠯᠣᠭᠤᠳᠴᠤ ᠭᠡᠷ ᠤᠨ ᠰᠤᠷᠲᠠᠯ ᠭᠡᠷ ᠤᠨ ᠰᠤᠷᠭᠠᠯ ᠢ ᠪᠤᠢ ᠪᠤᠯᠭᠠᠵᠦ᠂ ᠦᠵᠡᠯ ᠰᠠᠨᠠᠭᠠᠨ ᠤ ᠡᠬᠢ ᠡᠭᠦᠰᠦᠯ ᠠᠴᠠ ᠮᠠᠭᠤ ᠳᠠᠳᠬᠠᠯ ᠤᠨ ᠦᠵᠡᠯᠲᠡ ᠬᠤᠪᠢᠷᠠᠭᠤᠯᠬᠤ᠂ ᠥᠭᠡᠳᠡᠯᠡᠨ ᠳᠠᠪᠰᠢᠬᠤ ᠢᠳᠡᠪᠬᠢ ᠬᠦᠴᠦᠨ ᠢ ᠪᠠᠳᠠᠷᠠᠭᠤᠯᠤᠨ᠎ᠠ᠃
   ᠰᠠᠶᠢᠨ ᠰᠠᠶᠢᠬᠠᠨ ᠬᠡᠷ ᠤᠨ ᠰᠤᠷᠲᠠᠯ ᠬᠡᠷ ᠤᠨ ᠰᠤᠷᠭᠠᠯ ᠢ ᠦᠶᠯᠡᠳᠦᠯᠭᠡᠵᠢᠭᠦᠯᠵᠦ ᠬᠥᠷᠰᠢ ᠵᠡᠷᠭᠡᠯᠡᠳᠡᠭᠡ ᠶᠢᠨ ᠬᠠᠷᠢᠯᠴᠠᠨ ᠬᠠᠪᠰᠤᠷᠤᠯᠴᠠᠵᠤ ᠬᠠᠷᠢᠯᠴᠠᠨ ᠲᠡᠮᠵᠢᠨ᠎ᠡ    ᠲᠠᠷᠢᠶᠠᠴᠢᠨ ᠡᠷᠦᠬᠡ ᠶᠢᠨ ᠣᠷᠣᠯᠭ᠎ᠠ ᠶᠢᠨ ᠨᠡᠮᠡᠭᠳᠡᠯ ᠢ ᠠᠬᠢᠭᠤᠯᠬᠤ ᠶᠢᠨ ᠲᠥᠯᠥᠭᠡ᠂ ᠺᠤᠤ ᠱᠠᠨ ᠲᠣᠰᠬᠤᠨ ᠬᠦᠢᠲᠡᠨ ᠰᠠᠷᠠᠪᠴᠢᠨ ᠤ ᠠᠮᠲᠠᠲᠤ ᠬᠡᠮᠬᠡ ᠲᠠᠷᠢᠬᠤ ᠲᠥᠷᠥᠯ ᠵᠦᠶᠯ ᠢ ᠶᠡᠬᠡᠪᠡᠷ  ᠬᠦᠭᠵᠢᠭᠦᠯᠵᠡᠢ᠃ ᠺᠣᠤ ᠱᠠᠨ ᠲᠣᠰᠬᠤᠨ ᠤ ᠠᠷᠠᠳ ᠯᠢ ᠬᠠᠢ ᠯᠦᠩ ᠬᠦᠢᠲᠡᠨ ᠰᠠᠷᠠᠪᠴᠢᠨ ᠤ ᠠᠮᠲᠠᠲᠤ ᠬᠡᠮᠬᠡ ᠲᠠᠷᠢᠬᠤ ᠴᠢᠳᠠᠪᠤᠷᠢᠲᠠᠨ ᠪᠣᠯᠵᠤ᠂ ᠡᠷᠭᠢᠨ ᠲᠣᠭᠤᠷᠢᠨ ᠤ ᠵᠡᠷᠭᠡᠯᠡᠳᠡᠭᠡ ᠠᠶᠢᠯ ᠤᠨ ᠠᠮᠲᠠᠲᠤ ᠬᠡᠮᠬᠡ ᠲᠠᠷᠢᠬᠤ ᠮᠡᠷᠭᠡᠵᠢᠯ ᠤᠨ ᠬᠦᠴᠢᠷ ᠠᠰᠠᠭᠤᠳᠠᠯ ᠳᠤ ᠲᠤᠯᠭᠠᠷᠠᠪᠠᠯ ᠭᠡᠷ ᠲᠤᠨᠢ ᠬᠦᠷᠴᠦ ᠵᠢᠭᠠᠯᠭᠠᠨ᠎ᠠ᠂ ᠯᠢ ᠬᠠᠢ ᠯᠦᠩ ᠶᠡᠷᠦ ᠨᠢ ᠣᠯᠠᠨ ᠤ ᠲᠠᠷᠢᠬᠤ ᠮᠡᠷᠭᠡᠵᠢᠯ ᠢ ᠬᠠᠯᠠᠰᠢᠷᠠᠯ ᠦᠭᠡᠢ ᠵᠢᠯᠣᠭᠤᠳᠴᠤ  ᠪᠠᠶᠢᠳᠠᠭ᠃ ᠯᠢ ᠬᠠᠢ ᠯᠦᠩ ᠦᠷᠭᠦᠯᠵᠢ᠄ ︽ᠬᠠᠷᠠᠬᠠᠨ ᠪᠠᠭ᠎ᠠ ᠠᠴᠠ ᠪᠠᠨ ᠮᠢᠨᠦ ᠠᠪᠤ ᠨᠠᠳᠠ ᠳᠤ᠂ ᠬᠥᠮᠦᠨ ᠪᠣᠯᠬᠤ ᠳᠤ ᠦᠨᠡᠨᠴᠢ ᠰᠢᠳᠤᠷᠭᠤ ᠪᠠᠶᠬᠤ ᠬᠡᠷᠡᠭᠲᠡᠢ᠂ ᠪᠦᠷ ᠨᠤᠲᠤᠭ ᠤᠨ ᠠᠭ᠎ᠠ ᠳᠡᠭᠦᠦ ᠨᠡᠷ᠂ ᠬᠡᠨ ᠤ ᠭᠡᠷ ᠲᠤ ᠬᠦᠴᠢᠷᠳᠡᠯ ᠲᠤᠯᠭᠠᠷᠠᠪᠠᠯ ᠦᠨᠡᠨ ᠰᠡᠳᠬᠢᠯ ᠠᠴᠠ ᠪᠠᠨ ᠪᠤᠰᠤᠳ ᠢ ᠬᠠᠪᠰᠤᠷᠬᠤ ᠬᠡᠷᠡᠭᠲᠡᠢ᠂ ᠣᠯᠠᠨ ᠢᠶᠠᠷ ᠢᠶᠠᠨ ᠰᠠᠶᠢᠨ ᠪᠠᠶᠢᠳᠠᠯ ᠰᠠᠶ᠋ᠢ ᠦᠨᠡᠨ ᠰᠠᠶᠢᠨ᠃︾ ᠭᠡᠵᠦ ᠯᠢ ᠬᠠᠶ ᠯᠦᠩ ᠤᠨ ᠬᠠᠪᠰᠤᠷᠤᠯᠭ᠎ᠠ ᠪᠠᠷ ᠠᠭᠤᠯᠠᠨ ᠲᠣᠰᠬᠤᠨ ᠤ 35 ᠲᠠᠷᠢᠶᠠᠴᠢᠳ ᠡᠯᠪᠡᠭ ᠬᠤᠷᠢᠶᠠᠯᠲᠠ ᠣᠯᠵᠤ᠂ ᠡᠷᠦᠬᠡ ᠪᠦᠷᠢ ᠶᠢᠨ ᠳᠤᠮᠳᠠᠴᠢ ᠣᠷᠣᠯᠭ᠎ᠠ 2000 ᠲᠥᠭᠦᠷᠢᠭ ᠲᠤ ᠬᠦᠷᠴᠡᠶ᠃
   ᠰᠠᠶᠢᠨ ᠰᠠᠶᠢᠬᠠᠨ ᠭᠡᠷ ᠤᠨ ᠰᠤᠷᠲᠠᠯ ᠬᠡᠷ ᠤᠨ ᠰᠤᠷᠭᠠᠯ ᠢ ᠤᠯᠠᠮᠵᠢᠯᠠᠵᠤ ᠠᠮᠢ ᠠᠬᠤᠶ ᠶᠢᠨ ᠪᠣᠯᠪᠠᠰᠤᠨ ᠢ ᠪᠠᠶᠢᠭᠤᠯᠤᠨ᠎ᠠ    ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠮᠥᠨ︾ ᠭᠡᠬᠦ ᠦᠭᠡ ᠤᠳᠤ ᠨᠢᠭᠡᠨᠲᠡ ᠺᠤᠤ ᠱᠠᠨ ᠲᠣᠰᠬᠤᠨ ᠤ ᠠᠷᠠᠳ ᠤᠨ ᠬᠠᠮᠲᠤ ᠶᠢᠨ ᠭᠡᠷ ᠤᠨ ᠰᠤᠷᠲᠠᠯ ᠭᠡᠷ ᠤᠨ ᠰᠤᠷᠭᠠᠯ ᠪᠣᠯᠵᠠᠢ᠃ ᠤᠢᠢᠷ᠎ᠡ ᠶᠢᠨ ᠵᠢᠯ ᠠᠴᠠ᠂ ᠺᠤᠤ ᠱᠠᠨ ᠲᠣᠰᠬᠤᠨ ᠠᠮᠢ ᠠᠬᠤᠢ ᠶᠢᠨ ᠪᠣᠯᠪᠠᠰᠤᠨ ᠢ ᠬᠦᠴᠦᠯᠡᠨ ᠪᠠᠶᠢᠭᠤᠯᠵᠤ᠂ ᠲᠠᠷᠢᠶᠠᠯᠠᠬᠤ ᠶᠢ ᠵᠣᠭᠰᠣᠭᠠᠵᠤ ᠤᠢ ᠮᠣᠳᠣ ᠲᠠᠷᠢᠬᠤ ᠭᠠᠵᠠᠷ ᠲᠤ ᠰᠢᠳ ᠰᠠᠭᠤᠯᠭᠠᠵᠤ᠂ ᠨᠡᠷᠡᠨ ᠡᠨᠧᠷᠭᠢ ᠪᠠᠷ ᠴᠠᠬᠢᠯᠭᠠᠨ ᠭᠠᠷᠭᠠᠵᠤ ᠳᠣᠣᠷ᠎ᠠ ᠤᠰᠤ ᠶᠢ ᠲᠤᠬᠢᠷᠠᠭᠤᠯᠤᠨ ᠤᠰᠤ ᠬᠠᠩᠭᠠᠵᠤ᠂ 263 ᠲᠦᠮᠡᠨ ᠲᠥᠭᠦᠷᠢᠭ ᠤᠨ ᠪᠡᠯᠡ ᠣᠷᠣᠭᠤᠯᠵᠤ 500 ᠮᠦ ᠶᠢᠨ 4.2 ᠲᠦᠮᠡᠨ ᠰᠠᠭᠤᠷᠢ ᠮᠣᠳᠣ ᠲᠠᠷᠢᠪᠠ᠃ ᠨᠠᠶᠢᠯᠵᠠᠭᠤᠷ ᠢ ᠠᠯᠬᠤᠮ ᠠᠯᠬᠤᠮ  ᠢᠶᠠᠷ ᠲᠡᠭᠰᠢᠯᠡᠵᠦ᠂ ᠨᠠᠩ ᠶᠡᠭᠡ ᠠᠵᠤ ᠠᠬᠤᠶ ᠶᠢᠨ ᠦᠷ᠎ᠡ ᠠᠰᠢᠭ ᠢ ᠡᠭᠦᠳᠴᠦ᠂ ᠤᠯᠠᠮᠵᠢᠯᠠᠯᠲᠤ ᠠᠮᠢ ᠠᠬᠤᠶ ᠶᠢᠨ ᠣᠶ ᠠᠴᠠ ᠠᠮᠢ ᠠᠬᠤᠶ ᠶᠢᠨ ᠠᠵᠤ ᠠᠬᠤᠶ ᠶᠢᠨ ᠣᠶ ᠳᠠᠰᠢ ᠠᠯᠬᠤᠮ ᠠᠯᠬᠤᠮ ᠢᠶᠠᠷ ᠬᠡᠯᠪᠡᠷᠢ ᠪᠠᠨ ᠬᠤᠪᠢᠷᠠᠭᠤᠯᠤᠨ᠎ᠠ᠃ ᠡᠬᠡᠯ ᠠᠷᠠᠳ 13 ᠲᠦᠮᠡ ᠭᠠᠷᠤᠶ ᠠᠰᠢᠭ ᠭᠥᠷᠳᠡᠵᠦ᠂ 11% ᠶᠢ ᠡᠵᠡᠯᠡᠵᠦ᠂ 50 ᠭᠠᠷᠤᠶ ᠠᠵᠢᠯᠴᠢᠨ ᠬᠡᠷᠡᠭᠯᠡᠵᠦ᠂ ᠳᠤᠮᠳᠠᠴᠢ ᠪᠠᠷ 2000 ᠭᠠᠷᠤᠶ ᠲᠥᠭᠦᠷᠢᠭ ᠠᠰᠢᠭ ᠭᠥᠷᠳᠡᠪᠡ᠃
   ᠭᠡᠷ ᠤᠨ ᠰᠤᠷᠲᠠᠯ ᠲᠥᠪ ᠪᠣᠯ ᠭᠡᠷ ᠪᠦᠯᠢ ᠮᠠᠨᠳᠤᠨ᠎ᠠ᠂ ᠠᠷᠠᠳ ᠤᠨ ᠰᠤᠷᠲᠠᠯ ᠲᠥᠪ ᠪᠣᠯ ᠤᠯᠤᠰ ᠣᠷᠣᠨ ᠮᠠᠨᠳᠤᠨ᠎ᠠ᠃ ᠳᠠᠷᠠᠭᠠᠴᠢ ᠶᠢᠨ ᠠᠯᠬᠤᠮ ᠳᠤ᠂ ᠺᠤᠤ ᠱᠠᠨ ᠲᠣᠰᠬᠤᠨ ᠨᠢ ᠰᠠᠶᠢᠨ ᠰᠠᠶᠢᠬᠠᠨ ᠭᠡᠷ ᠤᠨ ᠰᠤᠷᠲᠠᠯ ᠢ ᠪᠣᠶᠢᠵᠢᠭᠤᠯᠬᠤ ᠶᠢ ᠦᠷᠭᠦᠯᠵᠢᠯᠡᠨ ᠠᠬᠢᠭᠤᠯᠵᠤ᠂ ᠪᠠᠶᠠᠯᠢᠭ ᠰᠠᠶᠢᠬᠠᠨ ᠠᠵᠢᠯᠯᠠᠭ᠎ᠠ ᠥᠷᠨᠢᠭᠦᠯᠵᠦ᠂ ᠪᠣᠯᠪᠠᠰᠤᠨ ᠨᠤᠲᠤᠭ ᠤᠨ ᠰᠤᠷᠲᠠᠯ ᠢ ᠪᠠᠳᠠᠷᠠᠭᠤᠯᠵᠤ᠂ ᠺᠤᠤ ᠱᠠᠨ ᠲᠣᠰᠬᠤᠨ ᠤ ᠡᠯ᠎ᠡ ᠵᠦᠢᠯ ᠤᠨ ᠠᠵᠢᠯ ᠦᠢᠯᠡᠰ ᠤᠨ ᠬᠥᠭᠵᠢᠯᠲᠡ ᠳᠤ ᠬᠦᠴᠦᠨ ᠴᠢᠳᠠᠯ ᠢᠶᠠᠨ ᠡᠷᠭᠦᠨ᠎ᠡ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号