2024 ᠣᠨ ᠤ ᠲᠠᠷᠢᠶ᠎ᠠ ᠦᠵᠡᠵᠦ ᠦᠷ᠎ᠡ ᠰᠤᠩᠭᠤᠬᠤ ᠡᠭᠦᠯᠳᠡᠷ ᠤᠨ ᠲᠠᠨᠢᠯᠴᠠᠭᠤᠯᠭ᠎ᠠ ︵ᠨᠢᠭᠡ︶
ᠨᠡᠶᠢᠲᠡᠯᠡᠭᠰᠡᠨ ᠴᠠᠭ᠄
2024/4/17
   ᠡᠭᠦᠯᠳᠡᠷ ᠤᠨ ᠨᠡᠷᠡᠶᠢᠳᠦᠯ᠄ ᠹᠧᠩ ᠺᠧᠨ 599    ᠬᠢᠨᠠᠨ ᠲᠣᠭᠲᠠᠭᠠᠭᠰᠠᠨ ᠳ᠋ᠤᠭᠠᠷ᠄ ᠭᠦᠸᠧ ᠱᠧᠨ ᠢᠦᠢ 20210155    ᠰᠣᠩᠭᠤᠨ ᠪᠤᠶᠢᠵᠢᠭᠤᠯᠬᠤ ᠨᠢᠭᠡᠴᠡ᠄ ᠥᠪᠥᠷ ᠮᠣᠩᠭᠤᠯ ᠤᠨ ᠹᠧᠩ ᠺᠧᠨ ᠦᠷ᠎ᠡ ᠶᠢᠨ ᠦᠢᠯᠡᠰ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ    ᠣᠨᠴᠠᠯᠢᠭ ᠰᠢᠨᠵᠢ᠄ ᠤᠮᠠᠷᠠᠲᠤ ᠣᠷᠣᠨ ᠤ ᠲᠦᠢᠯ ᠤᠨ ᠡᠷᠲᠡ ᠪᠣᠯᠪᠠᠰᠤᠷᠠᠬᠤ ᠬᠠᠪᠤᠷ ᠤᠨ ᠡᠷᠳᠡᠨᠢ ᠰᠢᠰᠢ ᠶᠢᠨ ᠳᠤᠭᠤᠶᠢᠯᠠᠩ ᠤᠨ ᠴᠢᠬᠢᠯᠡᠬᠦ ᠠᠴᠠ ᠪᠣᠯᠪᠠᠰᠤᠷᠠᠬᠤ ᠬᠦᠷᠲᠡᠯ᠎ᠡ 120.2 ᠡᠳᠦᠷ᠂ ᠳ᠋ᠧ ᠮᠧᠶ ᠶᠠ 1 ᠳ᠋ᠤᠭᠡᠷ ᠨᠣᠮᠧᠷ ᠲᠠᠢ ᠬᠠᠷᠢᠴᠠᠭᠤᠯᠪᠠᠯ 1 ᠡᠳᠦᠷ ᠣᠷᠣᠢ ᠪᠣᠯᠪᠠᠰᠤᠷᠠᠨ᠎ᠠ᠃ ᠨᠢᠯᠬ᠎ᠠ ᠴᠢᠬᠢ ᠶᠢᠨ ᠨᠠᠪᠴᠢᠨ ᠤ ᠳᠤᠭᠲᠤᠢ ᠨᠢ ᠨᠣᠭᠤᠭᠠᠨ᠂ ᠨᠠᠪᠴᠢᠨ ᠤ ᠢᠯᠲᠠᠰᠤ ᠨᠢ ᠨᠣᠭᠤᠭᠠᠨ᠂ ᠨᠠᠪᠴᠢᠨ ᠤ ᠬᠦᠪᠡᠭᠡ ᠨᠢ ᠨᠣᠭᠤᠭᠠᠨ᠂ ᠴᠡᠴᠡᠭ ᠤᠨ ᠡᠮ ᠨᠢ ᠰᠢᠷ᠎ᠠ᠂ ᠬᠠᠯᠢᠰᠤ ᠨᠢ ᠨᠣᠭᠤᠭᠠᠨ ᠪᠠᠶᠢᠳᠠᠭ᠃ ᠰᠠᠭᠤᠷᠢ ᠶᠢᠨ ᠬᠡᠯᠪᠡᠷᠢ ᠨᠢ ᠬᠠᠭᠠᠰ ᠨᠢᠭᠲᠠ᠂ ᠥᠨᠳᠥᠷ ᠨᠢ 273 ᠰᠠᠨᠲ᠋ᠢᠮᠧᠳ᠋ᠷ᠂ ᠲᠦᠷᠦᠭᠦᠦ ᠶᠢᠨ ᠪᠠᠶᠢᠷᠢ ᠨᠢ 103 ᠰᠠᠨᠲ᠋ᠢᠮᠧᠳ᠋ᠷ᠂ ᠪᠣᠯᠪᠠᠰᠤᠷᠠᠭᠰᠠᠨ ᠨᠠᠪᠴᠢᠨ ᠤ ᠢᠯᠲᠠᠰᠤ ᠨᠢ 16 ᠬᠡᠰᠡᠭ ᠪᠠᠶᠢᠳᠠᠭ᠃ ᠵᠢᠮᠢᠰ ᠤᠨ ᠲᠦᠷᠦᠭᠦᠦ ᠨᠢ ᠪᠣᠷᠲᠣᠭᠤᠨ ᠬᠡᠯᠪᠡᠷᠢᠲᠡᠢ᠂ ᠲᠦᠷᠦᠭᠦᠦ ᠶᠢᠨ ᠤᠷᠳᠤ ᠨᠢ 17.9 ᠰᠠᠨᠲ᠋ᠢᠮᠧᠳ᠋ᠷ᠂ ᠲᠦᠷᠦᠭᠦᠦ ᠶᠢᠨ ᠮᠥᠷ ᠨᠢ 14 -16 ᠮᠥᠷ᠂ ᠲᠦᠷᠦᠭᠦᠦ ᠶᠢᠨ ᠪᠦᠳᠦᠭᠦᠨ ᠨᠢ 4.7 ᠰᠠᠨᠲ᠋ᠢᠮᠧᠳ᠋ᠷ᠂ ᠲᠦᠷᠦᠭᠦᠦ ᠶᠢᠨ ᠲᠡᠩᠭᠡᠯᠢᠭ ᠨᠢ ᠤᠯᠠᠭᠠᠨ᠂ ᠮᠥᠬᠦᠯᠢᠭ ᠨᠢ ᠰᠢᠷ᠎ᠠ᠂ ᠬᠠᠭᠠᠰ ᠮᠣᠷᠢᠨ ᠰᠢᠳᠦ ᠶᠢᠨ ᠬᠡᠯᠪᠡᠷᠢᠲᠠᠢ᠂ ᠵᠠᠭᠤᠨ ᠮᠥᠬᠦᠯᠢᠭ ᠤᠨ ᠬᠦᠨᠳᠦ ᠨᠢ 32.9 ᠭᠷᠡᠮ ᠪᠠᠶᠢᠳᠠᠭ᠃ ᠲᠠᠷᠢᠯᠭ᠎ᠠ ᠶᠢᠨ ᠰᠢᠯᠭᠠᠨ ᠲᠣᠭᠲᠠᠭᠠᠯᠲᠠ ᠳᠤ᠂ ᠲᠣᠮᠣ ᠲᠣᠯᠪᠣᠲᠤ ᠡᠪᠡᠳᠴᠢᠨ᠂ ᠰᠢᠷᠬᠡᠭ ᠬᠠᠷ᠎ᠠ ᠲᠦᠷᠦᠭᠦᠲᠦ ᠡᠪᠡᠳᠴᠢᠨ᠂ ᠪᠣᠷᠣ ᠲᠣᠯᠪᠣᠲᠤ ᠡᠪᠡᠳᠴᠢᠨ᠂ ᠦᠨᠳᠦᠷ ᠡᠰᠡᠷᠭᠦᠴᠡᠯᠳᠦ ᠡᠰᠢ ᠢᠯᠵᠢᠷᠡᠬᠦ ᠡᠪᠡᠳᠴᠢᠨ᠂ ᠲᠦᠷᠦᠭᠦᠸ᠋ ᠶᠢᠨ ᠢᠯᠵᠢᠷᠡᠬᠦ ᠶᠢ ᠡᠰᠡᠷᠭᠦᠴᠡᠬᠦ ᠡᠪᠡᠳᠴᠢᠨ ᠵᠡᠷᠭᠡ ᠶᠢ ᠡᠰᠡᠷᠭᠦᠴᠡᠳᠡᠭ᠃ ᠮᠥᠬᠦᠯᠢᠭ ᠤᠨ ᠡᠵᠡᠯᠡᠬᠦᠨ ᠤ ᠬᠦᠨᠳᠦ ᠨᠢ 790 ᠭᠷᠡᠮ / ᠯᠢᠳ᠋ᠷ᠂ ᠪᠦᠳᠦᠭᠦᠯᠢᠭ ᠤᠭᠤᠷᠠᠭ ᠤᠨ ᠠᠭᠤᠯᠤᠭᠳᠠᠴᠠ ᠨᠢ 10.66%᠂ ᠪᠦᠳᠦᠭᠦᠯᠢᠭ ᠥᠭᠡᠬᠦ ᠶᠢᠨ ᠠᠭᠤᠯᠤᠭᠳᠠᠴᠠ ᠨᠢ 3.91%᠂ ᠪᠦᠳᠦᠭᠦᠯᠢᠭ ᠴᠠᠷᠳᠠᠭᠤᠯ ᠤᠨ ᠠᠭᠤᠯᠤᠭᠳᠠᠴᠠ ᠨᠢ 76.18%᠂ ᠯᠠᠶᠢᠰᠢᠨ ᠰᠢᠪᠲᠦᠷᠲᠦ ᠬᠦᠴᠢᠯ ᠤᠨ ᠠᠭᠤᠯᠤᠭᠳᠠᠴᠠ ᠨᠢ 0.32% ᠪᠠᠶᠢᠳᠠᠭ᠃    ᠲᠣᠬᠢᠷᠠᠮᠵᠢᠲᠠᠢ ᠲᠠᠷᠢᠬᠤ ᠣᠷᠣᠨ ᠪᠦᠰᠡ᠄ ᠤᠮᠠᠷᠠᠲᠤ ᠣᠷᠣᠨ ᠤ ᠲᠦᠢᠯ ᠤᠨ ᠡᠷᠲᠡ ᠪᠣᠯᠪᠠᠰᠤᠷᠠᠬᠤ ᠬᠠᠪᠤᠷ ᠤᠨ ᠡᠷᠳᠡᠨᠢ ᠰᠢᠰᠢ ᠶᠢᠨ ᠲᠣᠭᠤᠷᠢᠭ ᠤᠨ ᠥᠪᠥᠷ ᠮᠣᠩᠭᠤᠯ ᠤᠨ ᠬᠥᠯᠥᠨ ᠪᠤᠶᠢᠷ ᠬᠤᠲᠠ ᠶᠢᠨ ᠬᠡᠰᠡᠭ ᠭᠠᠵᠠᠷ ᠣᠷᠣᠨ᠂ ᠬᠢᠩᠭᠠᠨ ᠠᠶᠢᠮᠠᠭ ᠤᠨ ᠬᠡᠰᠡᠭ ᠭᠠᠵᠠᠷ ᠣᠷᠣᠨ᠂ ᠰᠢᠯᠢ ᠶᠢᠨ ᠭᠤᠣᠯ ᠠᠶᠢᠮᠠᠭ ᠤᠨ ᠬᠡᠰᠡᠭ ᠭᠠᠵᠠᠷ ᠣᠷᠣᠨ᠂ ᠤᠯᠠᠭᠠᠨᠴᠠᠪ ᠠᠶᠢᠮᠠᠭ ᠤᠨ ᠬᠡᠰᠡᠭ ᠭᠠᠵᠠᠷ ᠣᠷᠣᠨ᠂ ᠲᠦᠩᠯᠢᠶᠣᠣ ᠬᠤᠲᠠ ᠶᠢᠨ ᠬᠡᠰᠡᠭ ᠭᠠᠵᠠᠷ ᠣᠷᠣᠨ᠂ ᠤᠯᠠᠭᠠᠨᠬᠠᠳᠠ ᠬᠤᠲᠠ ᠶᠢᠨ ᠬᠡᠰᠡᠭ ᠭᠠᠵᠠᠷ ᠣᠷᠣᠨ᠂ ᠪᠤᠭᠤᠲᠤ ᠬᠤᠲᠠ ᠶᠢᠨ ᠬᠤᠶᠢᠲᠤ ᠬᠡᠰᠡᠭ᠂ ᠬᠥᠬᠡᠬᠤᠲᠠ ᠶᠢᠨ ᠬᠤᠶᠢᠲᠤ ᠬᠡᠰᠡᠭ ᠤᠨ ᠭᠠᠵᠠᠷ ᠣᠷᠣᠨ ᠳᠤ ᠳᠠᠷᠢᠬᠤ ᠳᠤ ᠲᠣᠬᠢᠷᠠᠮᠵᠢᠲᠠᠢ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号