ᠣᠳᠣᠬᠠᠨ ᠳᠤ ᠤᠳᠠᠯ ᠦᠭᠡᠢ ᠮᠠᠨ ᠤ ᠣᠷᠣᠨ ᠤ ᠡᠷᠳᠡᠨᠢ ᠰᠢᠰᠢ ᠳᠠᠷᠢᠬᠤ ᠬᠤᠭᠤᠴᠠᠭᠠᠨ ᠳᠤ ᠣᠷᠣᠬᠤ ᠭᠡᠵᠦ | ᠪᠠᠶᠢᠨ᠎ᠠ᠂ ᠴᠢᠬᠢᠯᠡᠬᠦ ᠠᠴᠠ ᠡᠮᠦᠨ᠎ᠡ ᠪᠢᠲᠡᠭᠦᠮᠵᠢᠯᠡᠨ ᠡᠪᠡᠰᠦ ᠠᠷᠢᠯᠭᠠᠬᠤ ᠨᠢ ᠡᠷᠳᠡᠨᠢ ᠰᠢᠰᠢ ᠶᠢᠨ ᠲᠠᠷᠢᠶᠠᠨ ᠤ ᠡᠪᠡᠰᠦ | ᠠᠷᠢᠯᠭᠠᠬᠤ ᠵᠠᠩᠭᠢᠯᠠᠭ᠎ᠠ ᠶᠢᠨ ᠮᠡᠷᠭᠡᠵᠢᠯ ᠪᠣᠯᠤᠭᠰᠠᠨ ᠤ ᠬᠤᠪᠢ ᠳᠤ᠂ ᠢᠯᠠᠩᠭᠤᠶ᠎ᠠ ᠬᠥᠷᠥᠰᠥ ᠰᠢᠷᠣᠢ ᠶᠢᠨ | ᠴᠢᠭᠢᠭ ᠤᠨ ᠪᠠᠶᠢᠳᠠᠯ ᠰᠠᠶᠢᠨ᠂ ᠠᠭᠠᠷ ᠤᠨ ᠳᠤᠯᠠᠭᠠᠨ ᠨᠡᠯᠢᠶᠡᠳ ᠥᠨᠳᠥᠷ ᠭᠠᠵᠠᠷ ᠣᠷᠣᠨ ᠳᠤ ᠦᠷ᠎ᠡ | ᠪᠦᠲᠦᠮᠵᠢ ᠨᠢ ᠢᠯᠡᠳᠳᠡ ᠪᠠᠶᠢᠳᠠᠭ᠃ ᠠᠭᠤᠷ ᠠᠮᠢᠰᠬᠤᠯ᠂ ᠬᠥᠷᠥᠰᠥ ᠰᠢᠷᠣᠢ ᠶᠢᠨ ᠨᠥᠬᠦᠴᠡᠯ᠂ ᠪᠤᠵᠠᠷ | ᠡᠪᠡᠰᠦᠨ ᠤ ᠡᠭᠦᠰᠦᠭᠰᠡᠨ ᠪᠠᠶᠢᠳᠠᠯ ᠵᠡᠷᠭᠡ ᠶᠢ ᠶᠡᠷᠦᠩᠬᠡᠶᠢᠯᠡᠨ ᠠᠰᠢᠭᠯᠠᠵᠤ᠂ ᠲᠣᠬᠢᠷᠠᠮᠵᠢᠲᠠᠢ ᠭᠠᠵᠠᠷ ᠣᠷᠣᠨ᠂ | ᠲᠠᠷᠢᠶᠠᠨ ᠭᠠᠵᠠᠷ ᠲᠤ ᠴᠢᠬᠢᠯᠡᠬᠦ ᠠᠴᠠ ᠡᠮᠦᠨ᠎ᠡ ᠪᠢᠲᠡᠭᠦᠮᠵᠢᠯᠡᠨ ᠡᠪᠡᠰᠦ ᠠᠷᠢᠯᠭᠠᠬᠤ ᠶᠢ ᠴᠠᠭ ᠲᠤᠨᠢ ᠲᠣᠬᠢᠷᠠᠭᠤᠯᠤᠨ | ᠥᠷᠨᠢᠭᠦᠯᠵᠦ᠂ ᠴᠢᠬᠢᠯᠡᠭᠰᠡᠨ ᠤ ᠳᠠᠷᠠᠭᠠᠬᠢ ᠡᠪᠡᠰᠦ ᠠᠷᠢᠯᠭᠠᠬᠤ ᠳᠠᠷᠤᠯᠲᠠ ᠶᠢ ᠪᠠᠭᠠᠰᠬᠠᠬᠤ ᠬᠡᠷᠡᠭᠲᠡᠢ᠃ | 1. ᠡᠮ ᠨᠠᠶᠢᠷᠠᠯᠭ᠎ᠠ ᠶᠢ ᠵᠣᠬᠢᠰᠲᠠᠢ ᠰᠤᠩᠭᠤᠬᠤ ᠬᠡᠷᠡᠭᠲᠡᠢ᠃ ᠲᠠᠷᠢᠶᠠᠨ ᠭᠠᠵᠠᠷ ᠤᠨ ᠡᠯᠳᠡᠪ ᠡᠪᠡᠰᠦᠨ ᠤ | ᠡᠭᠦᠰᠦᠯᠲᠡ ᠶᠢᠨ ᠲᠥᠷᠥᠯ ᠵᠦᠢᠯ ᠵᠢᠴᠢ ᠳᠠᠷᠠᠭᠠᠴᠢ ᠶᠢᠨ ᠲᠠᠷᠢᠮᠠᠯ ᠢ ᠦᠨᠳᠦᠰᠦᠯᠡᠵᠦ᠂ ᠭᠠᠵᠠᠷ ᠣᠷᠣᠨ ᠤ | ᠪᠠᠶᠢᠳᠠᠯ ᠳᠤᠨᠢ ᠲᠣᠬᠢᠷᠠᠭᠤᠯᠤᠨ᠂ ᠡᠲ᠋ᠢᠯ ᠡᠪᠡᠰᠦᠨ ᠠᠮᠢᠨ᠂ ᠢᠽᠤᠫᠷᠤᠫᠢᠯ ᠡᠪᠡᠰᠦᠨ ᠠᠮᠢᠨ᠂ ᠨᠠᠷᠢᠯᠢᠭ | ᠢᠽᠤᠫᠷᠤᠫᠢᠯ ᠡᠪᠡᠰᠦᠨ ᠠᠮᠢᠨ᠂ ᠢᠽᠤᠤᠺᠰᠠᠽᠤᠯ ᠡᠪᠡᠰᠦᠨ ᠺᠧᠲ᠋ᠤᠨ᠂ ᠠᠽᠢᠨ ᠡᠪᠡᠰᠦᠨ ᠺᠧᠲ᠋ᠤᠨ᠂ ᠥᠷᠢ ᠶᠢᠨ | ᠰᠡᠬᠦᠯ ᠢ ᠠᠷᠢᠯᠭᠠᠬᠤ᠂ 2,4- ᠳ᠋ᠢ ᠢᠽᠤ᠋ ᠣᠺᠲ᠋ᠠ ᠡᠰᠲ᠋ᠧᠷ᠂ ᠲᠢᠤᠹᠧᠨ ᠰᠦᠯᠹᠣᠨ ᠯᠦᠩ᠂ ᠲᠢᠤᠹᠧᠨ ᠰᠦᠯᠹᠣᠨ | ᠯᠦᠩ᠂ ᠽᠤᠯᠮᠢ ᠰᠦᠯᠹᠣᠨ ᠡᠪᠡᠰᠦᠨ ᠠᠮᠢᠨ ᠵᠡᠷᠭᠡ ᠡᠮ ᠵᠢᠴᠢ ᠲᠡᠭᠦᠨ ᠤ ᠨᠡᠶᠢᠯᠡᠮᠡᠯ ᠨᠠᠶᠢᠷᠠᠯᠭ᠎ᠠ ᠶᠢ ᠰᠣᠩᠭᠤᠨ | ᠬᠥᠷᠥᠰᠥ ᠶᠢ ᠪᠢᠲᠡᠭᠦᠮᠵᠢᠯᠡᠨ ᠰᠢᠢᠳᠪᠦᠷᠢᠯᠡᠬᠦ ᠬᠡᠷᠡᠭᠲᠡᠢ᠃ | 2. ᠡᠮ ᠬᠡᠷᠡᠭᠯᠡᠬᠦ ᠬᠤᠭᠤᠴᠠᠭ᠎ᠠ ᠪᠠ ᠡᠮ ᠤᠨ ᠬᠡᠮᠵᠢᠶ᠎ᠡ᠃ ᠡᠷᠳᠡᠨᠢ ᠰᠢᠰᠢ ᠶᠢ ᠳᠠᠷᠢᠭᠰᠠᠨ ᠤ ᠳᠠᠷᠠᠭ᠎ᠠ 3-5 | ᠡᠳᠦᠷ ᠤᠨ ᠳᠣᠲᠣᠷ᠎ᠠ ᠡᠮ ᠬᠡᠷᠡᠭᠯᠡᠬᠦ ᠬᠡᠷᠡᠭᠲᠡᠢ᠂ ᠠᠭᠠᠷ ᠤᠨ ᠳᠤᠯᠠᠭᠠᠨ ᠨᠢ 15-27℃᠂ ᠠᠭᠠᠷ ᠤᠨ ᠴᠢᠭᠢᠭᠲᠦᠴᠡ | ᠬᠠᠷᠢᠴᠠᠩᠭᠤᠢ ᠶᠡᠭᠡ ᠦᠶᠡᠰ ᠡᠮ ᠣᠷᠣᠭᠤᠯᠪᠠᠯ ᠦᠷ᠎ᠡ ᠳ᠋ᠦᠩ ᠨᠢ ᠰᠠᠶᠢᠨ ᠪᠠᠶᠢᠳᠠᠭ᠃ ᠱᠣᠰᠢᠭ᠎ᠠ ᠲᠡᠮᠳᠡᠭ ᠢᠶᠠᠷ | ᠲᠠᠨᠢᠯᠴᠠᠭᠤᠯᠤᠭᠰᠠᠨ ᠡᠮ ᠤᠨ ᠬᠡᠮᠵᠢᠶ᠎ᠡ ᠶᠢ ᠴᠢᠩᠭ᠎ᠠ ᠵᠢᠷᠤᠮᠯᠠᠨ ᠡᠮ ᠬᠡᠷᠡᠭᠯᠡᠵᠦ᠂ ᠬᠡᠷᠪᠡ ᠬᠥᠷᠥᠰᠥ ᠰᠢᠷᠣᠢ ᠨᠢ | ᠨᠢᠯᠴᠠᠭᠠᠶ᠂ ᠣᠷᠭᠠᠨᠢᠭ ᠪᠣᠳᠠᠰ ᠤᠨ ᠠᠭᠤᠯᠤᠭᠳᠠᠴᠠ ᠨᠢ ᠥᠨᠳᠥᠷ ᠪᠠᠶᠢᠪᠠᠯ᠂ ᠱᠣᠰᠢᠭ᠎ᠠ ᠲᠡᠮᠳᠡᠭ ᠢᠶᠠᠷ | ᠲᠠᠨᠢᠯᠴᠠᠭᠤᠯᠤᠭᠰᠠᠨ ᠡᠮ ᠤᠨ ᠬᠡᠮᠵᠢᠶ᠎ᠡ ᠶᠢᠨ ᠳᠡᠭᠡᠳᠦ ᠬᠢᠵᠠᠭᠠᠷ ᠢ ᠬᠡᠷᠡᠭᠯᠡᠵᠦ ᠪᠣᠯᠣᠨ᠎ᠠ᠂ ᠬᠡᠷᠡᠭᠯᠡᠬᠦ ᠡᠮ ᠤᠨ | ᠬᠡᠮᠵᠢᠶ᠎ᠡ ᠶᠢ ᠳᠤᠷ᠎ᠠ ᠪᠠᠷ ᠢᠶᠠᠨ ᠨᠡᠮᠡᠭᠳᠡᠭᠦᠯᠵᠦ ᠪᠣᠯᠬᠤ ᠦᠭᠡᠢ ︔ ᠠᠭᠤᠷ ᠠᠮᠢᠰᠬᠤᠯ ᠭᠠᠩ ᠬᠠᠭᠤᠷᠠᠢ᠂ ᠬᠥᠷᠥᠰᠥ | ᠰᠢᠷᠣᠢ ᠶᠢᠨ ᠭᠠᠩ ᠬᠠᠭᠤᠷᠠᠢ ᠭᠠᠵᠠᠷ ᠲᠤ ᠵᠣᠬᠢᠬᠤ ᠬᠡᠮᠵᠢᠶ᠎ᠡ ᠪᠠᠷ ᠤᠰᠤ ᠬᠤᠯᠢᠬᠤ ᠬᠡᠮᠵᠢᠶ᠎ᠡ ᠶᠢ ᠨᠡᠮᠡᠭᠳᠡᠭᠦᠯᠬᠦ ᠪᠤᠶᠤ | ᠤᠷᠢᠳ ᠢᠶᠠᠷ ᠨᠢᠭᠡ ᠤᠳᠠᠭ᠎ᠠ ᠤᠰᠤ ᠰᠦᠷᠴᠢᠵᠦ ᠳᠠᠬᠢᠨ ᠡᠪᠡᠰᠦ ᠠᠷᠢᠯᠭᠠᠭᠴᠢ ᠶᠢ ᠬᠡᠷᠡᠭᠯᠡᠬᠦ ᠬᠡᠷᠡᠭᠲᠡᠢ᠃ ᠡᠮ | ᠨᠠᠶᠢᠷᠠᠭᠤᠯᠬᠤ ᠳᠤ ︽ᠬᠤᠶᠠᠳᠠᠭᠢ ᠤᠳᠠᠭ᠎ᠠ ᠰᠢᠩᠭᠡᠷᠡᠭᠦᠯᠬᠦ ᠠᠷᠭ᠎ᠠ︾ ᠶᠢ ᠬᠡᠷᠡᠭᠯᠡᠬᠦ ᠬᠡᠷᠡᠭᠲᠡᠢ᠃ | 3. ᠠᠩᠬᠠᠷᠬᠤ ᠵᠦᠢᠯ᠃ ① ᠡᠯᠡᠰᠦᠷᠬᠡᠭ ᠭᠠᠵᠠᠷ ᠰᠢᠷᠣᠢ ᠶᠢᠨ ᠬᠡᠰᠡᠭ ᠲᠤ᠂ ᠠᠽᠢᠺᠤᠨ ᠡᠪᠡᠰᠦᠨ ᠺᠧᠲ᠋ᠣᠨ᠂ | 2,4- ᠳ᠋ᠢ ᠢᠽᠤ᠋ ᠣᠺᠲ᠋ᠠ ᠡᠰᠲ᠋ᠧᠷ ᠵᠡᠷᠭᠡ ᠡᠮ ᠢ ᠬᠡᠷᠡᠭᠯᠡᠬᠦ ᠳᠤ ᠲᠣᠬᠢᠷᠠᠮᠵᠢ ᠦᠭᠡᠢ᠂ ᠰᠢᠮᠡᠳᠦᠨ ᠠᠭᠤᠰᠬᠤ | ᠡᠮ ᠤᠨ ᠬᠤᠣᠷ ᠬᠥᠨᠥᠭᠡᠯ ᠢ ᠰᠡᠷᠭᠡᠶᠢᠯᠡᠬᠦ ᠬᠡᠷᠡᠭᠲᠡᠢ ︔ ᠣᠨᠳᠣᠣ ᠫᠷᠦᠫᠢᠯᠳᠦ ᠡᠪᠡᠰᠦᠨ ᠠᠮᠢᠨ ᠤ ᠳᠣᠣᠷ᠎ᠠ | ᠳᠤᠯᠠᠭᠠᠨ᠂ ᠭᠠᠩ ᠬᠠᠭᠤᠷᠠᠢ ᠦᠶ᠎ᠡ ᠳᠤ ᠡᠪᠡᠰᠦ ᠠᠷᠢᠯᠭᠠᠬᠤ ᠦᠢᠯᠡᠳᠦᠯ ᠨᠢ ᠨᠡᠯᠢᠶᠡᠳ ᠮᠠᠭᠤ ᠪᠠᠶᠢᠳᠠᠭ ︔ | ᠬᠦᠢᠲᠡᠨ ᠪᠣᠷᠣᠭᠠᠨ ᠡᠯᠪᠡᠭ ᠴᠠᠭ ᠠᠭᠤᠷ ᠲᠣᠬᠢᠶᠠᠯᠳᠤᠪᠠᠯ᠂ ᠬᠤᠲᠣᠭᠤᠷ ᠭᠠᠵᠠᠷ ᠠᠮᠠᠷᠬᠠᠨ ᠤᠰᠤᠲᠤᠬᠤ ᠭᠠᠵᠠᠷ ᠲᠤ | ᠡᠲ᠋ᠢᠯ ᠡᠪᠡᠰᠦᠨ ᠠᠮᠢᠨ᠂ ᠠᠽᠢᠨ ᠡᠪᠡᠰᠦᠨ ᠺᠧᠲ᠋ᠣᠨ ᠤ ᠨᠠᠶᠢᠷᠠᠯᠭ᠎ᠠ ᠶᠢ ᠬᠡᠷᠡᠭᠯᠡᠬᠦ ᠳᠡᠭᠡᠨ ᠡᠮ ᠣᠷᠣᠭᠤᠯᠬᠤ | ᠬᠤᠭᠤᠴᠠᠭ᠎ᠠ ᠪᠠ ᠬᠡᠷᠡᠭᠯᠡᠬᠦ ᠬᠡᠮᠵᠢᠶ᠎ᠡ ᠶᠢᠨ ᠰᠣᠩᠭᠤᠯᠲᠠ ᠶᠢ ᠠᠩᠬᠠᠷᠴᠤ᠂ ᠡᠮ ᠤᠨ ᠬᠥᠨᠥᠭᠡᠯ ᠡᠭᠦᠰᠬᠦ ᠠᠴᠠ | ᠵᠠᠶᠢᠯᠠᠰᠬᠢᠬᠦ ᠬᠡᠷᠡᠭᠲᠡᠢ᠃ ② ᠡᠮ ᠬᠡᠷᠡᠭᠯᠡᠬᠦ ᠠᠴᠠ ᠡᠮᠦᠨ᠎ᠡ ᠡᠮ ᠰᠦᠷᠴᠢᠬᠦ ᠪᠠᠭᠠᠵᠢ ᠬᠡᠷᠡᠭᠰᠡᠯ ᠢ ᠲᠦᠢᠯᠪᠤᠷᠢᠲᠠᠢ | ᠤᠬᠢᠶᠠᠨ ᠴᠡᠪᠡᠷᠯᠡᠵᠦ᠂ ᠪᠠᠷᠢᠮᠵᠢᠶᠠᠲᠤ ᠳᠡᠪᠢᠭᠦᠷ ᠬᠡᠯᠪᠡᠷᠢᠲᠦ ᠰᠦᠷᠴᠢᠭᠦᠷ ᠤᠭᠰᠠᠷᠠᠭᠰᠠᠨ ᠥᠨᠳᠥᠷ ᠠᠰᠢᠭᠲᠤ | ᠤᠷᠭᠤᠮᠠᠯ ᠤᠨ ᠬᠠᠮᠠᠭᠠᠯᠠᠯᠲᠠ ᠶᠢᠨ ᠪᠠᠭᠠᠵᠢ ᠬᠡᠷᠡᠭᠰᠡᠯ ᠢ ᠰᠣᠩᠭᠤᠨ ᠬᠡᠷᠡᠭᠯᠡᠬᠦ ᠬᠡᠷᠡᠭᠲᠡᠢ᠃ ③ ᠰᠠᠯᠬᠢᠨ ᠤ | ᠬᠦᠴᠦ ᠨᠢ 3 ᠳᠡᠰ ᠠᠴᠠ ᠳᠡᠭᠡᠭᠰᠢ ᠶᠡᠭᠡ ᠰᠠᠯᠬᠢᠨ ᠲᠠᠢ ᠡᠳᠦᠷ ᠡᠮ ᠣᠷᠤᠭᠤᠯᠬᠤ ᠳᠤ ᠲᠣᠬᠢᠷᠠᠮᠵᠢ ᠦᠭᠡᠢ᠂ | ᠡᠮ ᠤᠨ ᠬᠦᠪᠦᠯᠲᠡ ᠶᠢᠨ ᠬᠥᠨᠥᠭᠡᠯ ᠠᠮᠠᠷᠬᠠᠨ ᠡᠭᠦᠰᠳᠡᠭ᠃ ④ ᠡᠮ ᠣᠷᠣᠭᠤᠯᠤᠭᠰᠠᠨ ᠤ ᠳᠠᠷᠠᠭ᠎ᠠ 7-10 | ᠡᠳᠦᠷ ᠤᠨ ᠳᠣᠲᠣᠷ᠎ᠠ ᠲᠠᠷᠢᠶᠠᠨ ᠠᠵᠢᠯ ᠤᠨ ᠬᠠᠮᠢᠶᠠᠷᠤᠯᠲᠠ ᠶᠢᠨ ᠠᠵᠢᠯᠯᠠᠭ᠎ᠠ ᠶᠢ ᠳᠠᠬᠢᠨ ᠳᠠᠪᠲᠠᠨ ᠬᠢᠬᠦ ᠠᠴᠠ | ᠵᠠᠶᠢᠯᠠᠰᠬᠢᠵᠦ᠂ ᠡᠮ ᠤᠨ ᠪᠦᠷᠬᠦᠪᠴᠢ ᠶᠢ ᠡᠪᠳᠡᠬᠦ ᠠᠴᠠ ᠵᠠᠶᠢᠯᠠᠰᠬᠢᠬᠦ ᠬᠡᠷᠡᠭᠲᠡᠢ᠃ |