ᠱᠦᠢᠴᠢᠤᠸᠠᠨ ᠪᠠᠯᠭᠠᠰᠤᠨ ᠤ ᠥᠷᠭᠡᠨ ᠠᠭᠤᠳᠠᠮ ᠲᠠᠷᠢᠶᠠᠨ ᠭᠠᠵᠠᠷ ᠳᠡᠭᠡᠷ᠎ᠡ᠂ ᠰᠢᠰᠢ ᠨᠢᠭᠡᠨᠲᠡ ᠤᠯᠠᠶᠢᠨ | ᠪᠣᠯᠪᠠᠰᠤᠷᠠᠵᠤ᠂ ᠡᠬᠡ ᠭᠠᠵᠠᠷ ᠢ ᠣᠨᠴᠠ ᠶᠢᠨ ᠦᠵᠡᠰᠬᠦᠯᠡᠩ ᠲᠠᠢ ᠪᠣᠯᠭᠠᠪᠠ᠃ ᠲᠣᠰᠬᠤᠨ ᠤ ᠠᠷᠠᠳ ᠵᠠᠯᠭᠠᠪᠠᠷ | ᠲᠤᠩᠭᠠᠯᠠᠭ ᠰᠠᠶᠢᠬᠠᠨ ᠴᠠᠭ ᠠᠭᠤᠷ ᠢ ᠵᠠᠪᠳᠤᠨ ᠠᠳᠬᠤᠵᠤ᠂ ᠪᠠᠴᠢᠮ ᠪᠥᠭᠡᠳ ᠡᠮᠬᠢ ᠵᠢᠷᠤᠮ ᠲᠠᠢ ᠬᠠᠳᠤᠵᠤ | ᠬᠤᠷᠢᠶᠠᠬᠤ ᠠᠵᠢᠯ ᠳᠤ ᠣᠷᠣᠯᠴᠠᠪᠠ᠃ | | ᠱᠦᠢᠴᠢᠤᠸᠠᠨ ᠪᠠᠯᠭᠠᠰᠤᠨ ᠤ ᠯᠦᠩᠴᠢᠤᠸᠠᠨ ᠲᠣᠰᠬᠤᠨ ᠤ ᠲᠠᠷᠢᠶᠠᠨ ᠭᠠᠵᠠᠷ ᠳᠤ ᠬᠦᠷᠬᠦ ᠳᠤ᠂ ᠨᠢᠭᠡ ᠰᠠᠭᠤᠷᠢ | ᠰᠠᠭᠤᠷᠢ ᠤᠯᠠᠭᠠᠨ ᠰᠢᠰᠢ ᠰᠡᠬᠦᠶᠢᠨ ᠰᠦᠨᠳᠡᠷᠯᠡᠵᠦ᠂ ᠲᠣᠮᠣ ᠲᠦᠷᠦᠭᠦᠦ ᠨᠢ ᠳᠣᠷᠣᠭᠰᠢ ᠤᠨᠵᠢᠢᠵᠤ᠂ ᠰᠠᠯᠠᠭ᠎ᠠ ᠶᠢᠨ | ᠪᠡᠯᠴᠢᠷ ᠢ ᠳᠠᠷᠤᠵᠤ᠂ ᠶᠠᠭ ᠯᠠ ᠭᠠᠯ ᠤᠨ ᠳᠠᠯᠠᠢ ᠰᠢᠭ᠂ ᠰᠢᠰᠢ ᠳᠠᠪᠬᠤᠷᠯᠠᠨ᠂ ᠰᠠᠯᠬᠢᠨ ᠤ ᠠᠶ᠎ᠠ ᠪᠠᠷ ᠨᠠᠶᠢᠭᠤᠨ᠎ᠠ᠃ | ᠲᠣᠰᠬᠤᠨ ᠤ ᠠᠷᠠᠳ ᠬᠠᠳᠤᠭᠤᠷ ᠠᠳᠬᠤᠨ ᠲᠠᠷᠢᠶᠠᠨ ᠳᠤᠮᠳᠠᠭᠤᠷ ᠨᠠᠰᠢ ᠴᠠᠰᠢ ᠰᠦᠯᠵᠢᠯᠳᠦᠵᠦ᠂ ᠲᠠᠷᠢᠶᠠᠨ | ᠲᠦᠷᠦᠭᠦᠦ ᠪᠠᠨ ᠱᠤᠯᠤᠵᠤ᠂ ᠬᠠᠳᠤᠬᠤ ᠶᠢᠨ ᠳᠠᠭᠠᠤ ᠰᠢᠰᠢ ᠶᠢᠨ ᠲᠦᠷᠦᠭᠦᠦ ᠪᠠᠨ ᠲᠡᠷᠭᠡᠨ ᠳᠣᠲᠣᠷ᠎ᠠ ᠬᠠᠶᠠᠵᠤ᠂ | ᠤᠳᠠᠯ ᠦᠭᠡᠢ ᠮᠠᠰᠢᠨ ᠲᠡᠷᠭᠡᠨ ᠳᠣᠲᠣᠷ᠎ᠠ ᠰᠢᠰᠢ ᠶᠢᠨ ᠲᠦᠷᠦᠭᠦᠦ ᠤᠯᠠᠶᠢᠵᠤ᠂ ᠬᠦᠰᠡᠯ ᠡᠷᠡᠮᠡᠯᠵᠡᠯ ᠢᠶᠠᠷ | ᠪᠢᠯᠬᠠᠭᠰᠠᠨ ᠵᠢᠷᠤᠭ ᠬᠠᠷᠠᠭᠳᠠᠨ᠎ᠠ᠃ | | ︽ᠮᠠᠨ ᠤ ᠬᠢᠨ ᠡᠨᠡ ᠵᠢᠯ ᠨᠡᠶᠢᠲᠡ 50 ᠮᠥ ᠰᠢᠰᠢ ᠳᠠᠷᠢᠵᠤ᠂ ᠮᠥ ᠪᠦᠷᠢ ᠶᠢᠨ ᠤᠨᠠᠯᠳᠠ ᠳᠣᠯᠤᠭ᠎ᠠ ᠨᠠᠶᠮᠠᠨ | ᠮᠢᠩᠭᠠᠨ ᠵᠢᠩ ᠳᠤ ᠬᠦᠷᠴᠦ᠂ ᠪᠦᠬᠦᠯᠢ ᠴᠣᠭᠴᠠ ᠪᠠᠷ ᠨᠢ ᠪᠤᠳᠤᠪᠠᠯ ᠨᠢᠭᠡ ᠱᠠᠩ ᠭᠠᠵᠠᠷ ᠤᠨ ᠣᠷᠣᠯᠭ᠎ᠠ ᠨᠢ 1 | ᠲᠦᠮᠡ ᠭᠠᠷᠤᠶ ᠲᠥᠭᠦᠷᠢᠭ ᠪᠠᠶᠢᠵᠤ᠂ ᠪᠦᠬᠦᠯᠢ ᠴᠣᠭᠴᠠ ᠪᠠᠷ ᠢᠶᠠᠨ ᠪᠠᠰᠠ ᠨᠡᠯᠢᠶᠡᠳ ᠰᠠᠶᠢᠨ ᠪᠠᠶᠢᠨ᠎ᠠ᠂ ᠡᠨᠡ ᠵᠢᠯ | ᠪᠣᠯ ᠪᠠᠰᠠ ᠴᠤ ᠡᠯᠪᠡᠭ ᠬᠤᠷᠢᠶᠠᠯᠲᠠ ᠶᠢᠨ ᠵᠢᠯ ᠪᠣᠯᠤᠨ᠎ᠠ᠂ ᠪᠢ ᠥᠪᠡᠷ ᠢᠶᠠᠨ 5 ᠬᠥᠮᠦᠨ ᠬᠥᠯᠥᠰᠥᠯᠡᠨ ᠬᠠᠳᠤᠵᠤ | ᠬᠤᠷᠢᠶᠠᠵᠤ᠂ ᠳᠠᠬᠢᠭᠠᠳ ᠨᠢᠭᠡ ᠡᠳᠦᠷ ᠪᠣᠯᠪᠠᠯ ᠪᠠᠷᠤᠭ ᠬᠤᠷᠢᠶᠠᠵᠦ ᠳᠠᠭᠤᠰᠬᠠᠨ᠎ᠠ᠃︾ ᠭᠡᠵᠦ ᠱᠦᠢᠴᠢᠤᠸᠠᠨ | ᠪᠠᠯᠭᠠᠰᠤᠨ ᠤ ᠯᠦᠩᠴᠢᠤᠸᠠᠨ ᠲᠣᠰᠬᠤᠨ ᠤ ᠠᠷᠠᠳ ᠯᠢᠦ ᠶᠠᠨ ᠴᠢᠩ ᠬᠡᠯᠡᠨ᠎ᠡ᠃ | | ᠯᠢᠦ ᠶᠠᠨ ᠴᠢᠩ ᠡᠨᠡ ᠵᠢᠯ ᠤᠨ 4 ᠰᠠᠷ᠎ᠠ ᠠᠴᠠ ᠰᠢᠰᠢ᠂ ᠡᠷᠳᠡᠨᠢ ᠰᠢᠰᠢ ᠵᠡᠷᠭᠡ ᠲᠠᠷᠢᠮᠠᠯ ᠢ ᠳᠠᠷᠢᠵᠤ᠂ 10 | ᠰᠠᠷ᠎ᠠ ᠠᠴᠠ ᠡᠬᠢᠯᠡᠨ ᠬᠠᠳᠤᠵᠤ᠂ ᠡᠷ᠎ᠡ ᠡᠮ᠎ᠡ ᠬᠤᠶᠠᠭᠤᠯᠠ ᠮᠠᠰᠢ ᠶᠠᠭᠠᠷᠠᠯᠲᠠᠶ ᠪᠠᠶᠢᠯ᠎ᠠ᠂ ᠡᠨᠡ ᠬᠡᠰᠡᠭ ᠰᠢᠰᠢ ᠨᠢ | ᠠᠭᠤᠯᠠᠨ ᠬᠥᠲᠥᠯ ᠳᠡᠭᠡᠷ᠎ᠡ ᠪᠠᠶᠢᠷᠢᠰᠢᠵᠤ᠂ ᠮᠠᠰᠢᠨ ᠢᠶᠠᠷ ᠬᠠᠳᠤᠵᠤ ᠬᠤᠷᠢᠶᠠᠬᠤ ᠳᠤ ᠬᠦᠴᠢᠷ ᠪᠣᠯᠬᠤᠷ ᠠᠮᠤ ᠪᠤᠳᠠᠭ᠎ᠠ | ᠶᠢ ᠡᠷᠲᠡᠬᠡᠨ ᠬᠥᠮᠥᠷᠭᠡ ᠳᠤ ᠣᠷᠣᠭᠤᠯᠬᠤ ᠶᠢ ᠬᠦᠰᠡᠵᠦ᠂ ᠲᠠᠳᠠ ᠬᠥᠷᠰᠢ ᠵᠡᠷᠭᠡᠯᠡᠳᠡᠭᠡ ᠨᠤᠲᠤᠭ ᠤᠨ ᠠᠬ᠎ᠠ ᠳᠡᠭᠦᠦ | ᠨᠡᠷ ᠢᠶᠠᠨ ᠤᠷᠢᠵᠤ᠂ ᠡᠨᠡ ᠬᠦ ᠡᠯᠪᠡᠭ ᠬᠤᠷᠢᠶᠠᠯᠲᠠ ᠶᠢᠨ ᠪᠠᠶᠠᠷ ᠪᠠᠶᠠᠰᠤᠯ ᠢ ᠬᠠᠮᠲᠤ ᠪᠠᠷ ᠡᠳ᠋ᠯᠡᠬᠦ ᠶᠢᠨ ᠬᠠᠮᠲᠤ᠂ | ᠪᠣᠯᠵᠤᠭ᠎ᠠ ᠶᠣᠰᠣᠭᠠᠷ᠂ ᠬᠠᠪᠰᠤᠷᠬᠤ ᠪᠠᠷ ᠢᠷᠡᠭᠰᠡᠨ ᠲᠣᠰᠬᠤᠨ ᠤ ᠠᠷᠠᠳ ᠲᠤ ᠬᠥᠯᠥᠰᠥᠨ ᠵᠣᠭᠤᠰ ᠥᠭᠪᠡ᠃ | | ︽ᠮᠠᠨ ᠤ ᠭᠡᠷ ᠤᠨ ᠨᠢᠭᠡ ᠡᠳᠦᠷ ᠤᠨ ᠳᠣᠲᠣᠷ᠎ᠠ ᠪᠠᠨ ᠨᠢᠭᠡᠨᠲᠡ ᠬᠤᠷᠢᠶᠠᠵᠤ ᠳᠠᠭᠤᠰᠴᠠᠢ᠂ ᠭᠡᠷ ᠲᠤ ᠠᠵᠢᠯ | ᠦᠭᠡᠢ ᠪᠣᠯᠵᠠᠢ᠂ ᠡᠨᠡ ᠬᠡᠳᠦᠨ ᠡᠳᠦᠷ ᠵᠡᠷᠭᠡᠯᠡᠳᠡᠭᠡ ᠠᠶᠢᠯ ᠳᠤ ᠢᠷᠡᠵᠦ ᠬᠠᠪᠰᠤᠷᠴᠠᠢ᠂ ᠨᠢᠭᠡ ᠡᠳᠦᠷ 200 | ᠲᠥᠭᠦᠷᠢᠭ ᠤᠨ ᠴᠠᠯᠢᠩ ᠥᠭᠭᠦᠨ᠎ᠡ᠃︾ ᠭᠡᠵᠦ ᠱᠦᠢᠴᠢᠤᠸᠠᠨ ᠪᠠᠯᠭᠠᠰᠤᠨ ᠤ ᠯᠦᠩᠴᠢᠤᠸᠠᠨ ᠲᠣᠰᠬᠤᠨ ᠤ ᠠᠷᠠᠳ | ᠯᠢᠦ ᠰᠢᠩ ᠼᠠᠢ ᠬᠡᠯᠡᠨ᠎ᠡ᠃ | ᠨᠡᠷᠡᠨ ᠤ ᠬᠡᠷᠡᠯ ᠪᠣᠯ ᠬᠠᠮᠤᠭ ᠤᠨ ᠰᠠᠶᠢᠨ ᠬᠠᠳᠠᠭᠠᠬᠤ ᠮᠠᠰᠢᠨ ᠪᠣᠯᠤᠨ᠎ᠠ᠂ ᠬᠠᠳᠤᠵᠤ ᠬᠤᠷᠢᠶᠠᠬᠤ ᠠᠵᠢᠯ ᠤᠨ | ᠠᠬᠢᠴᠠ ᠶᠢ ᠳᠠᠭᠠᠯᠳᠤᠨ᠂ ᠲᠣᠰᠬᠤᠨ ᠤ ᠠᠷᠠᠳ ᠬᠠᠳᠤᠵᠤ ᠬᠤᠷᠢᠶᠠᠭᠰᠠᠨ ᠰᠢᠰᠢ ᠪᠠᠨ ᠦᠲᠦᠷᠮ᠎ᠡ ᠶᠢᠨ ᠬᠦᠷᠢᠶᠡᠨ | ᠳᠤ ᠠᠪᠠᠴᠢᠵᠤ ᠬᠠᠳᠠᠭᠠᠵᠤ᠂ ᠰᠢᠰᠢ ᠶᠢᠨ ᠲᠦᠷᠦᠭᠦᠦ ᠨᠢ ᠨᠡᠷᠡᠨ ᠤ ᠬᠡᠷᠡᠯ ᠳᠣᠤᠷ᠎ᠠ ᠳᠡᠯᠭᠡᠭᠳᠡᠵᠦ᠂ ᠬᠦᠰᠡᠯ | ᠡᠷᠡᠮᠡᠯᠵᠡᠯ ᠤᠨ ᠬᠡᠷᠡᠯ ᠭᠢᠯᠪᠠᠭ᠎ᠠ ᠪᠠᠨ ᠰᠠᠴᠤᠷᠠᠭᠤᠯᠤᠨ᠎ᠠ᠃ | | ︽ᠡᠨᠡ ᠵᠢᠯ ᠮᠠᠨ ᠤ ᠬᠡᠷ ᠨᠡᠶᠢᠲᠡ 95 ᠮᠥ ᠰᠢᠰᠢ ᠳᠠᠷᠢᠵᠤ᠂ ᠣᠲᠣ ᠨᠢᠭᠡᠨᠲᠡ 90 ᠮᠥ ᠬᠤᠷᠢᠶᠠᠵᠤ᠂ ᠪᠠᠰᠠ | 5 ᠮᠥ ᠲᠠᠷᠢᠶ᠎ᠠ ᠶᠢ ᠦᠳᠡ ᠶᠢᠨ ᠬᠤᠶᠢᠨ᠎ᠠ ᠪᠠᠷᠤᠭ ᠬᠤᠷᠢᠶᠠᠭᠠᠳ ᠪᠠᠷᠠᠴᠢᠬᠠᠨ᠎ᠠ᠂ ᠬᠠᠳᠠᠭᠠᠭᠰᠠᠨ ᠤ ᠳᠠᠷᠠᠭ᠎ᠠ | ᠬᠤᠳᠠᠯᠳᠤᠬᠤ ᠪᠠᠷ ᠬᠦᠯᠢᠶᠡᠵᠦ ᠪᠠᠶᠢᠨ᠎ᠠ᠂ ᠦᠨ᠎ᠡ ᠨᠢ ᠰᠠᠶᠢᠨ ᠪᠣᠯᠪᠠᠯ ᠬᠤᠳᠠᠯᠳᠤᠨ᠎ᠠ᠃︾ ᠭᠡᠵᠦ ᠱᠦᠢᠴᠢᠤᠸᠠᠨ | ᠪᠠᠯᠭᠠᠰᠤᠨ ᠤ ᠯᠦᠩᠴᠢᠤᠸᠠᠨ ᠲᠣᠰᠬᠤᠨ ᠤ ᠠᠷᠠᠳ ᠯᠢᠦ ᠰᠢᠩ ᠼᠠᠢ ᠬᠡᠯᠡᠨ᠎ᠡ᠃ | ᠣᠶᠢᠯᠠᠭᠠᠭᠰᠠᠨ ᠢᠶᠠᠷ᠂ ᠱᠦᠢᠴᠢᠤᠸᠠᠨ ᠪᠠᠯᠭᠠᠰᠤ ᠣᠷᠣᠨ ᠪᠦᠰᠡ ᠶᠢᠨ ᠲᠠᠷᠢᠶᠠᠯᠠᠩ ᠤᠨ ᠣᠨᠴᠠᠯᠢᠭᠲᠤ ᠡᠬᠢ | ᠪᠠᠶᠠᠯᠢᠭ ᠲᠤ ᠰᠠᠭᠤᠷᠢᠯᠠᠨ᠂ ᠲᠠᠷᠢᠶᠠᠯᠠᠩ ᠤᠨ ᠠᠵᠤ ᠦᠶᠯᠡᠰ ᠤᠨ ᠪᠦᠲᠦᠴᠡ ᠶᠢᠨ ᠲᠣᠬᠢᠷᠠᠭᠤᠯᠤᠯᠲᠠ ᠶᠢ ᠶᠡᠭᠡ ᠪᠠᠷ | ᠠᠬᠢᠭᠤᠯᠵᠤ᠂ ᠰᠠᠶᠢᠨ ᠲᠠᠷᠢᠶ᠎ᠠ᠂ ᠰᠠᠶᠢᠨ ᠡᠭᠦᠯᠳᠡᠷ᠂ ᠰᠠᠶᠢᠨ ᠠᠷᠭ᠎ᠠ ᠶᠢ ᠢᠳᠡᠪᠬᠢᠲᠡᠶ ᠳᠡᠯᠭᠡᠷᠡᠭᠦᠯᠦᠨ᠂ ᠲᠠᠷᠢᠶᠠᠴᠢᠨ | ᠡᠷᠦᠬᠡ ᠶᠢᠨ ᠦᠷ᠎ᠡ ᠰᠣᠩᠭᠤᠬᠤ᠂ ᠲᠠᠷᠢᠶᠠᠨ ᠭᠠᠵᠠᠷ ᠤᠨ ᠬᠠᠮᠢᠶᠠᠷᠤᠯᠲᠠ ᠵᠢᠴᠢ ᠡᠪᠡᠳᠴᠢᠨ ᠬᠤᠷᠣᠬᠠᠶ ᠶᠢᠨ | ᠬᠥᠨᠥᠭᠡᠯ ᠢ ᠰᠡᠷᠭᠡᠶᠢᠯᠡᠬᠦ ᠵᠡᠷᠭᠡ ᠤᠷ᠎ᠠ ᠴᠢᠳᠠᠪᠤᠷᠢ ᠶᠢ ᠰᠢᠨᠵᠢᠯᠡᠬᠦ ᠤᠬᠠᠭᠠᠨᠴᠢ ᠪᠠᠷ ᠵᠢᠭᠠᠨ ᠵᠢᠯᠣᠭᠤᠳᠪᠠ᠃ ᠡᠨᠡ | ᠵᠢᠯ᠂ ᠪᠥᠬᠦ ᠪᠠᠯᠭᠠᠰᠤ ᠪᠠᠷ ᠢᠶᠠᠨ 7.7 ᠲᠦᠮᠡ ᠭᠠᠷᠤᠶ ᠮᠥ ᠰᠢᠰᠢ ᠳᠠᠷᠢᠵᠤ᠂ ᠵᠢᠱᠢᠯᠲᠡ ᠪᠠᠷ ᠤᠨᠠᠯᠲᠠ ᠨᠢ | 30000 ᠭᠠᠷᠤᠶ ᠲᠣᠨ ᠢ ᠳᠠᠪᠠᠵᠤ᠂ ᠶᠡᠷᠦᠩᠬᠡᠶ ᠦᠶᠯᠡᠳᠬᠦᠨ ᠤ ᠥᠷᠲᠡᠭ ᠨᠢ ᠵᠢᠱᠢᠯᠲᠡ ᠪᠠᠷ 6000 ᠭᠠᠷᠤᠶ | ᠲᠦᠮᠡᠨ ᠲᠥᠭᠦᠷᠢᠭ ᠲᠤ ᠬᠦᠷᠴᠦ᠂ ᠪᠥᠬᠦ ᠵᠢᠯ ᠤᠨ ᠠᠮᠤ ᠪᠤᠳᠠᠭᠠᠨ ᠤ ᠦᠶᠯᠡᠳᠪᠦᠷᠢᠯᠡᠯ ᠢ ᠲᠣᠭᠲᠠᠪᠤᠷᠢᠵᠢᠭᠤᠯᠬᠤ | ᠳᠤ ᠰᠠᠶᠢᠨ ᠰᠠᠭᠤᠷᠢ ᠲᠠᠯᠪᠢᠵᠤ ᠥᠭᠴᠡᠶ᠃ |