ᠦᠬᠡᠷ ᠤᠨ ᠬᠡᠢ ᠬᠠᠪᠤᠩ
ᠨᠡᠶᠢᠲᠡᠯᠡᠭᠰᠡᠨ ᠴᠠᠭ᠄
2024/10/25
   ᠦᠬᠡᠷ ᠤᠨ ᠨᠢᠭᠡ ᠵᠦᠢᠯ ᠤᠨ ᠲᠦᠷᠭᠡᠨ ᠴᠢᠨᠠᠷᠲᠠᠢ ᠴᠢᠰᠤ ᠦᠵᠢᠷᠡᠬᠦ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ ᠵᠤᠵᠠᠭᠠᠨ ᠮᠢᠬ᠎ᠠ ᠲᠠᠢ ᠪᠤᠯᠴᠢᠩ ᠤᠨ ᠬᠡᠰᠡᠭ ᠲᠤ ᠬᠠᠷ᠎ᠠ ᠥᠩᠭᠡ ᠲᠠᠢ ᠬᠡᠢ ᠬᠠᠪᠤᠩᠳᠠᠵᠤ᠂ ᠳᠠᠷᠤᠪᠠᠯ ᠳᠠᠭᠤ ᠭᠠᠷᠳᠠᠭ᠃    ᠡᠪᠡᠳᠴᠢᠨ ᠤ ᠢᠯᠡᠷᠡᠯ᠄ ᠣᠯᠠᠩᠬᠢ ᠨᠢ ᠭᠡᠨᠡᠳᠲᠡ ᠪᠠᠷ ᠡᠪᠡᠳᠴᠢᠯᠡᠵᠦ᠂ ᠡᠬᠢᠨ ᠳᠡᠭᠡᠨ ᠪᠡᠶ᠎ᠡ ᠶᠢᠨ ᠬᠠᠯᠠᠭᠤᠨ ᠨᠢ ᠥᠨᠳᠥᠷᠵᠢᠵᠦ᠂ ᠵᠠᠷᠢᠮ ᠡᠪᠡᠳᠴᠢᠨ ᠲᠠᠢ ᠦᠬᠡᠷ ᠤᠨ ᠪᠡᠶ᠎ᠡ ᠶᠢᠨ ᠬᠠᠯᠠᠭᠤᠨ ᠤ ᠲᠤᠰᠬᠠᠯ ᠨᠢ ᠢᠯᠡᠷᠬᠡᠢ ᠪᠢᠰᠢ᠃ ᠢᠳᠡᠭᠡᠨ ᠤ ᠳᠤᠷᠠᠰᠢᠯ ᠦᠭᠡᠢ ᠪᠤᠯᠵᠤ ᠬᠡᠪᠢᠬᠦ ᠪᠠᠨ ᠵᠣᠭᠰᠣᠵᠤ᠂ ᠴᠤᠭ ᠰᠦᠯᠳᠡ ᠦᠭᠡᠢ᠂ ᠬᠦᠳᠡᠯᠬᠦ ᠳᠤᠷ᠎ᠠ ᠦᠭᠡᠢ ᠂ ᠬᠦᠯ ᠨᠢ ᠳᠣᠭᠤᠯᠳᠠᠳᠠᠭ᠃ ᠣᠯᠠᠩᠬᠢ ᠡᠪᠡᠳᠴᠢᠨ ᠲᠠᠢ ᠦᠬᠡᠷ ᠳᠠᠯᠤ ᠶᠢᠨ ᠬᠡᠰᠡᠭ ᠪᠠ ᠳᠤᠮᠳᠠ ᠴᠢᠮᠦᠭᠡᠨ ᠤ ᠬᠡᠰᠡᠭ ᠤᠨ ᠨᠢᠭᠡ ᠪᠤᠶᠤ ᠬᠤᠶᠠᠷ ᠬᠡᠰᠡᠭ ᠲᠤ ᠦᠷᠪᠢᠰᠦᠯ ᠤᠨ ᠴᠢᠨᠠᠷᠲᠠᠢ ᠤᠰᠤᠨ ᠬᠠᠪᠤᠩ ᠡᠭᠦᠰᠦᠨ᠎ᠡ᠃ ᠣᠯᠠᠨ ᠭᠠᠵᠠᠷ ᠲᠤ ᠬᠠᠪᠤᠳᠤᠭᠰᠠᠨ ᠡᠪᠡᠳᠴᠢᠨ ᠤ ᠵᠢᠱᠢᠶ᠎ᠡ ᠨᠡᠯᠢᠶᠡᠳ ᠴᠥᠭᠡᠨ ᠪᠠᠶᠢᠳᠠᠭ᠃ ᠡᠪᠡᠳᠴᠢᠯᠡᠭᠰᠡᠨ ᠬᠡᠰᠡᠭ ᠤᠨ ᠠᠷᠠᠰᠤ ᠨᠢ ᠬᠠᠭᠤᠷᠠᠶᠢᠳᠠᠨ ᠲᠡᠯᠡᠷᠡᠵᠦ᠂ ᠠᠭᠠᠵᠢᠮ ᠢᠶᠠᠷ ᠬᠦᠷᠡᠩ ᠬᠠᠷ᠎ᠠ ᠥᠩᠭᠡ ᠲᠠᠢ ᠪᠣᠯᠵᠤ᠂ ᠬᠠᠲᠠᠭᠤᠷᠠᠵᠤ᠂ ᠲᠣᠭᠰᠢᠵᠤ ᠣᠨᠣᠰᠢᠯᠠᠬᠤ ᠳᠤ ᠳᠠᠭᠤ ᠭᠠᠷᠳᠠᠭ᠃ ᠰᠢᠷᠬ᠎ᠠ ᠪᠠ ᠠᠷᠠᠰᠤ ᠨᠢ ᠬᠠᠭᠠᠷᠠᠬᠤ ᠪᠤᠶᠤ ᠬᠠᠭᠠᠯᠬᠤ ᠦᠶ᠎ᠡ ᠳᠤ᠂ ᠬᠥᠭᠡᠰᠦ ᠲᠠᠢ ᠭᠦᠨ ᠤᠯᠠᠭᠠᠨ ᠥᠩᠭᠡᠲᠡᠢ ᠬᠦᠴᠢᠯᠯᠢᠭ ᠦᠮᠡᠬᠡᠢ ᠰᠢᠩᠭᠡᠨ ᠪᠡᠶᠡᠲᠦ ᠤᠷᠤᠰᠤᠨ ᠭᠠᠷᠤᠨ᠎ᠠ᠃ ᠡᠪᠡᠳᠴᠢᠯᠡᠭᠰᠡᠨ ᠤ ᠰᠡᠭᠦᠯᠴᠢ ᠶᠢᠨ ᠬᠤᠭᠤᠴᠠᠭᠠᠨ ᠳᠤ ᠪᠣᠰᠬᠤ ᠦᠭᠡᠢ ᠪᠤᠯᠵᠤ᠂ ᠪᠡᠶ᠎ᠡ ᠶᠢᠨ ᠬᠠᠯᠠᠭᠤᠨ ᠨᠢ ᠲᠦᠷᠭᠡᠨ ᠢᠶᠠᠷ ᠳᠣᠷᠣᠭᠰᠢᠯᠠᠵᠤ᠂ ᠠᠮᠢᠰᠬᠤᠯ ᠨᠢ ᠬᠦᠴᠢᠷᠳᠡᠵᠦ᠂ ᠵᠣᠪᠬᠢ ᠨᠢ ᠬᠥᠬᠡ ᠪᠣᠷᠣ ᠥᠩᠭᠡ ᠲᠠᠢ ᠪᠣᠯᠵᠤ᠂ ᠶᠡᠷᠦ ᠳᠡᠭᠡᠨ 1~2 ᠡᠳᠦᠷ ᠤᠨ ᠳᠣᠲᠣᠷ᠎ᠠ ᠦᠬᠦᠳᠡᠭ᠃    ᠰᠡᠷᠭᠡᠶᠢᠯᠡᠨ ᠵᠠᠰᠠᠬᠤ ᠠᠷᠭ᠎ᠠ᠄ ᠡᠪᠡᠳᠴᠢᠨ ᠭᠠᠷᠴᠤ ᠥᠩᠭᠡᠷᠡᠭᠰᠡᠨ ᠭᠠᠵᠠᠷ ᠣᠷᠣᠨ ᠳᠤ ᠵᠢᠯ ᠪᠦᠷᠢ ᠶᠢᠨ ᠬᠠᠪᠤᠷ ᠤᠨ ᠤᠯᠠᠷᠢᠯ ᠳᠤ ᠬᠡᠢ ᠬᠠᠪᠤᠩ ᠤᠨ ᠪᠠᠺᠲ᠋ᠧᠷᠢᠲᠦ ᠸᠠᠺᠼᠢᠨ ᠲᠠᠷᠢᠨ᠎ᠠ᠂ ᠢᠯᠠᠩᠭᠤᠶ᠎ᠠ ᠡᠪᠡᠳᠴᠢᠨ ᠡᠭᠦᠰᠦᠭᠰᠡᠨ ᠭᠠᠵᠠᠷ ᠣᠷᠣᠨ ᠳᠤ ᠪᠠᠺᠲ᠋ᠧᠷᠢᠲᠦ ᠸᠠᠺᠼᠢᠨ ᠲᠠᠷᠢᠬᠤ ᠶᠢ ᠨᠡᠩ ᠠᠩᠬᠠᠷᠬᠤ ᠬᠡᠷᠡᠭᠲᠡᠢ᠃ ᠡᠪᠡᠳᠴᠢᠨ ᠲᠠᠢ ᠦᠬᠡᠷ ᠤᠨ ᠬᠡᠭᠦᠷ᠂ ᠪᠣᠬᠢᠷᠲᠤᠭᠰᠠᠨ ᠪᠠᠭᠠᠰᠤ᠂ ᠰᠢᠭᠡᠰᠦ᠂ ᠳᠡᠪᠢᠰᠦᠭᠰᠡᠨ ᠡᠪᠡᠰᠦ ᠵᠡᠷᠭᠡ ᠶᠢ ᠴᠦᠮ ᠬᠠᠮᠲᠤ ᠰᠢᠲᠠᠭᠠᠬᠤ ᠪᠤᠶᠤ ᠭᠦᠨ ᠪᠤᠯᠠᠳᠠᠭ᠃ ᠡᠪᠡᠳᠴᠢᠨ ᠲᠠᠢ ᠦᠬᠡᠷ ᠤᠨ ᠬᠠᠰᠢᠶ᠎ᠠ ᠶᠢ 0.2% ᠤᠨ ᠮᠥᠩᠭᠦᠨ ᠤᠰᠤᠨ ᠤ ᠰᠢᠩᠭᠡᠨ ᠪᠤᠶᠤ 20% ᠶᠢᠨ ᠴᠠᠶᠢᠷᠠᠭᠤᠯᠬᠤ ᠨᠤᠨᠳᠠᠭ ᠤᠨ ᠠᠭᠤᠰᠤᠮᠠᠯ ᠢᠶᠠᠷ ᠲᠦᠢᠯᠪᠤᠷᠢᠲᠠᠢ ᠠᠷᠢᠭᠤᠳᠬᠠᠬᠤ ᠬᠡᠷᠡᠭᠲᠡᠢ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号