ᠬᠠᠶᠢᠷ᠎ᠠ ᠳᠤ ᠤᠶᠠᠰᠤᠭᠰᠠᠨ ᠠᠮᠢᠳᠤᠷᠠᠯ
ᠨᠡᠶᠢᠲᠡᠯᠡᠭᠰᠡᠨ ᠴᠠᠭ᠄
2018-06-28
    ᠪᠦᠰᠡᠬᠦᠢ ᠬᠦᠮᠤᠨ ᠤ ᠲᠠᠭᠠᠭᠠᠮᠠᠭᠠᠢ ᠵᠤᠷᠢᠭ ᠢ ᠡᠪᠤᠷᠯᠠᠵᠤ ᠨᠠᠰᠤᠳᠠᠨ ᠢᠶᠠᠨ ᠠᠰᠠᠷᠠᠨ ᠨᠢᠯᠬᠠᠰ ᠢᠶᠠᠨ ᠪᠤᠶᠢᠵᠢᠭᠤᠯᠵᠤ᠂ ᠡᠪᠡᠳᠴᠢᠨ ᠡᠮᠬᠡᠭ ᠲᠠᠢ ᠡᠷ᠎ᠠ ᠨᠦᠬᠦᠷ ᠢᠶᠠᠨ ᠬᠠᠷᠠᠭᠠᠯᠵᠠᠵᠤ᠂ ᠦᠪᠡᠷ ᠤᠨ ᠤᠶᠤᠨ ᠤᠬᠠᠭᠠᠨ ᠢᠶᠠᠷ ᠢᠶᠠᠨ ᠶᠠᠳᠠᠭᠤ ᠬᠦᠴᠢᠷᠳᠠᠯᠳᠠᠢ ᠠᠮᠢᠳᠤᠷᠠᠯ ᠢᠶᠠᠨ ᠦᠭᠡᠳᠡ ᠲᠠᠳᠠᠵᠤ ᠶᠠᠪᠤᠭ᠎ᠠ ᠪᠤᠤ ᠰᠢᠤ ᠯᠠᠨ ᠪᠤᠯ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠲᠡᠪᠰᠡᠭ ᠪᠠᠯᠭᠠᠰᠤ ᠶᠢᠨ ᠰᠢᠨᠠᠪᠤᠯᠠᠭ ᠭᠠᠴᠠᠭᠠᠨ ᠤ ᠬᠦᠮᠦᠨ ᠶᠤᠮ᠃     ᠡᠨᠡ ᠵᠢᠯ 45 ᠨᠠᠰᠤᠳᠠᠢ ᠪᠤᠤ ᠰᠢᠤ ᠯᠠᠨ 1998 ᠤᠨ ᠳᠤ ᠪᠠᠢ ᠹᠦ᠋ ᠱᠧᠩ ᠲᠠᠢ ᠤᠷᠤᠭ ᠬᠤᠯᠪᠤᠭᠰᠠᠨ ᠲᠡᠷᠡ ᠮᠦᠴᠡ ᠠᠴᠠ ᠪᠠᠨ ᠡᠬᠢᠯᠡᠨ ᠡᠪᠡᠳᠴᠢᠨ ᠡᠮᠬᠡᠭ ᠲᠠᠢ ᠬᠠᠳᠠᠮ ᠠᠪᠤ ᠡᠵᠢ᠂ ᠲᠦᠯᠡᠢ ᠶᠠᠪᠠ ᠬᠠᠳᠠᠮ ᠠᠬ᠎ᠠ᠂ ᠨᠠᠰᠤᠨ ᠳᠤ ᠬᠦᠷᠤᠭᠡᠳᠤᠢ ᠬᠦᠷᠭᠡᠨ ᠲᠡᠬᠦᠤ᠂ ᠰᠤᠯᠢᠶ᠎ᠠ ᠡᠪᠡᠳᠴᠢᠨ ᠲᠠᠢ ᠡᠷ᠎ᠠ ᠨᠦᠬᠦᠷ ᠢᠶᠠᠨ ᠬᠠᠷᠠᠭᠠᠯᠵᠠᠨ ᠡᠷᠤᠭᠡ ᠭᠡᠷ ᠤᠨ ᠢᠶᠠᠨ ᠲᠤᠯᠭᠠᠭᠤᠷᠢ ᠪᠤᠯᠵᠤ᠂ ᠨᠢᠭᠡ ᠰᠡᠳᠭᠢᠯ ᠨᠢᠭᠡ ᠵᠤᠷᠢᠭ ᠢᠶᠠᠷ ᠠᠵᠤ ᠠᠮᠢᠳᠤᠷᠠᠯ ᠤᠨ ᠢᠶᠠᠨ ᠲᠦᠯᠤᠭᠡ ᠬᠤᠷᠢᠭᠠᠳ ᠵᠢᠯ ᠵᠢᠳᠬᠦᠭᠰᠡᠭᠡᠷ ᠢᠷᠡᠵᠠᠢ᠃ ᠪᠤᠤ ᠰᠢᠤ ᠯᠠᠨ ᠬᠤᠷᠢᠮᠯᠠᠭᠰᠠᠨ ᠴᠠᠭ ᠠᠴᠠ ᠪᠠᠨ ᠡᠬᠢᠯᠡᠨ ᠭᠡᠷ ᠤᠨ ᠢᠶᠠᠨ ᠭᠤᠤᠯ ᠬᠦᠳᠡᠯᠮᠤᠷᠢ ᠬᠦᠴᠤᠨ ᠪᠤᠯᠵᠤ᠂ ᠭᠠᠯ ᠤᠰᠤ ᠬᠢᠬᠦ ᠠᠴᠠ ᠭᠠᠳᠠᠨ᠎ᠠ ᠲᠤᠳᠤᠨᠠᠬᠢ ᠮᠠᠯ ᠤᠨᠤᠭ᠎ᠠ ᠲᠠᠷᠢᠶ᠎ᠠ ᠲᠦᠮᠤᠰᠤ ᠪᠠᠨ ᠠᠷᠠᠴᠢᠯᠠᠬᠤ ᠵᠡᠷᠭᠡ ᠠᠵᠢᠯ ᠳᠤ ᠪᠤᠷᠪᠢ ᠪᠤᠬᠢᠰᠬᠢᠯ ᠦᠭᠡᠢ ᠶᠠᠭᠠᠷᠠᠵᠤ᠂ ᠠᠮᠢᠳᠤᠷᠠᠯ ᠢᠶᠠᠨ ᠲᠡᠭᠵᠢᠷᠡᠬᠦᠯᠬᠦ ᠪᠠᠷ ᠴᠢᠷᠮᠠᠶᠢᠭᠰᠠᠨ ᠠᠵᠢ᠃ ᠭᠡᠪᠡᠴᠤ ᠬᠠᠳᠠᠮ ᠠᠪᠤ ᠨᠢ ᠤᠳᠠᠭᠠᠨ ᠵᠢᠯ ᠤᠨ ᠠᠭᠤᠰᠬᠢᠨ ᠡᠪᠡᠳᠴᠢᠨ ᠲᠠᠢ ᠪᠤᠯᠬᠤᠷ ᠡᠪᠡᠳᠴᠢᠨ ᠦᠵᠡᠬᠦᠯᠵᠤ ᠡᠮᠨᠡᠯᠭᠡ ᠶᠢᠨ ᠬᠤᠷᠢᠶ᠎ᠠ ᠳᠤ ᠰᠠᠭᠤᠬᠤ ᠰᠦᠢᠳᠭᠡᠯ ᠨᠢ ᠵᠢᠯ ᠳᠤ ᠬᠡᠳᠤᠨ ᠲᠦᠮᠡᠨ ᠲᠦᠬᠦᠷᠢᠭ ᠵᠠᠷᠤᠴᠠᠭᠤᠯᠵᠤ᠂ ᠠᠮᠢᠳᠤᠷᠠᠯ ᠤᠨ ᠲᠠᠷᠤᠭᠠᠰᠤ ᠶᠢ ᠨᠢ ᠨᠡᠩ ᠬᠦᠨᠳᠤᠷᠡᠬᠦᠯᠵᠠᠢ᠃ ᠲᠡᠷᠡ ᠬᠠᠳᠠᠮ ᠠᠪᠤ ᠶᠢᠨ ᠢᠶᠠᠨ ᠡᠪᠡᠳᠴᠢᠨ ᠢ ᠡᠳᠡᠭᠡᠷᠡᠬᠦᠯᠬᠦ ᠪᠠᠷ ᠲᠦᠷᠤᠯ ᠰᠡᠳᠤᠨ ᠨᠠᠶᠢᠵᠠ ᠨᠠᠷ ᠠᠴᠠ ᠪᠠᠨ ᠵᠤᠭᠤᠰ ᠵᠢᠭᠡᠯᠡᠵᠤ᠂ ᠬᠠᠭᠤᠴᠢᠨ ᠭᠡᠷ ᠪᠠ ᠬᠡᠳᠤᠨ ᠮᠤᠷᠢ ᠪᠠᠨ ᠬᠦᠷᠳᠡᠯ᠎ᠠ ᠬᠤᠳᠠᠯᠳᠤᠵᠤ᠂ ᠪᠠᠶᠢᠳᠠᠭ ᠢᠶᠠᠨ ᠬᠦᠨᠳᠤᠷᠤᠨ ᠡᠮᠴᠢᠯᠡᠬᠦᠯᠵᠤ ᠠᠴᠢᠯᠠᠯ ᠢᠶᠠᠨ ᠭᠦᠢᠴᠡᠳᠭᠡᠵᠤ ᠶᠠᠪᠤᠵᠠᠢ᠃     ᠭᠠᠢ ᠭᠠᠵᠠᠷ ᠲᠤᠤᠷ᠎ᠠ ᠠᠴᠠ ᠭᠡᠳᠡᠭᠴᠢᠯᠡᠨ᠂ ᠪᠤᠤ ᠰᠢᠤ ᠯᠠᠨ ᠪᠤᠯᠤᠨ ᠪᠠᠢ ᠹᠦ᠋ ᠱᠧᠩ ᠬᠤᠶᠠᠭᠤᠯᠠ ᠠᠮᠢᠳᠤᠷᠠᠯ ᠤᠨ ᠨᠤᠭᠤᠷᠠᠯ ᠪᠦᠳᠤᠷᠢᠯ ᠲᠠᠢ ᠵᠠᠮ ᠢᠶᠠᠷ ᠡᠷᠡᠯᠭᠡᠭᠯᠡᠨ ᠲᠡᠮᠡᠴᠡᠵᠤ ᠪᠠᠶᠢᠭ᠎ᠠ ᠦᠶᠡᠰ ᠲᠡᠭᠦᠨ ᠤ ᠡᠷ᠎ᠠ ᠨᠦᠬᠦᠷ ᠪᠠᠢ ᠹᠦ᠋ ᠱᠧᠩ ᠨᠢ ᠰᠤᠯᠢᠶ᠎ᠠ ᠡᠪᠡᠳᠴᠢᠨ ᠤᠯᠵᠤ᠂ ᠠᠮᠢᠳᠤᠷᠠᠯ ᠤᠨ ᠬᠦᠨᠳᠤ ᠲᠠᠷᠤᠭᠠᠰᠤ ᠪᠦᠬᠦᠨ ᠲᠡᠬᠦᠨ ᠤ ᠮᠦᠷᠤᠨ ᠳᠤ ᠢᠪ ᠲᠠᠷᠤᠨ ᠪᠠᠭᠤᠪᠠ᠃ ᠪᠤᠤ ᠰᠢᠤ ᠯᠠᠨ ᠨᠢᠭᠡ ᠲᠠᠯ᠎ᠠ ᠪᠠᠷ ᠬᠠᠳᠠᠮ ᠠᠬ᠎ᠠ ᠲᠠᠢ ᠪᠠᠨ ᠲᠠᠷᠢᠶ᠎ᠠ ᠲᠦᠮᠤᠰᠤ ᠪᠠᠨ ᠠᠷᠠᠴᠢᠯᠠᠵᠤ ᠨᠠᠭᠠᠳᠤ ᠵᠠᠬ᠎ᠠ ᠶᠢᠨ ᠤᠷᠤᠯᠭ᠎ᠠ ᠪᠠᠨ ᠪᠠᠳᠤᠯᠠᠬᠤ ᠶᠢᠨ ᠬᠠᠮᠳᠤ ᠨᠢᠯᠬ᠎ᠠ ᠪᠠᠭ᠎ᠠ ᠦᠬᠢᠨ ᠢᠶᠠᠨ ᠦᠰᠭᠡᠨ ᠪᠤᠶᠢᠵᠢᠭᠤᠯᠬᠤ᠂ ᠬᠠᠷᠠᠭ᠎ᠠ ᠮᠠᠭᠤᠳᠠᠢ ᠬᠠᠳᠠᠮ ᠡᠵᠢ ᠪᠠᠨ ᠠᠰᠠᠷᠠᠬᠤ᠂ ᠦᠷᠢ ᠰᠢᠷᠢ ᠪᠠᠨ ᠲᠦᠯᠦᠬᠦ ᠶᠢᠨ ᠲᠦᠯᠦᠭᠡ ᠴᠢᠷᠮᠠᠶᠢᠵᠠᠢ᠃ ᠡᠷ᠎ᠠ ᠨᠦᠬᠦᠷ ᠤᠨ ᠬᠢᠨᠢ ᠡᠪᠡᠳᠴᠢᠨ ᠨᠢ ᠵᠢᠯ ᠤᠨ ᠬᠡᠳᠤ ᠬᠦᠳᠡᠯᠵᠤ᠂ ᠡᠪᠡᠳᠴᠢᠨ ᠬᠦᠳᠡᠯᠦᠭᠰᠡᠭᠡᠷ ᠬᠡᠨ ᠢ ᠴᠤ ᠲᠠᠨᠢᠬᠤ ᠪᠠᠨ ᠪᠤᠯᠢᠵᠤ᠂ ᠬᠦᠮᠤᠨ ᠦᠵᠡᠭᠰᠡᠭᠡᠷ ᠵᠤᠳᠤᠵᠤ ᠴᠤᠬᠢᠳᠠᠭ ᠪᠤᠯᠪᠠᠴᠤ ᠪᠤᠤ ᠰᠢᠤ ᠯᠠᠨ ᠲᠡᠭᠦᠨ ᠠᠴᠠ ᠲᠦᠭᠡ ᠰᠠᠯᠤᠯ ᠦᠭᠡᠢ ᠪᠠᠷ ᠬᠠᠷᠠᠭᠠᠯᠵᠠᠵᠤ ᠶᠠᠪᠤᠳᠠᠭ᠃ ᠠᠶᠢᠯ ᠠᠶᠢᠮᠠᠭ ᠤᠨ ᠬᠢᠨ ᠲᠡᠭᠦᠨ ᠤ ᠬᠠᠳᠠᠭᠤ ᠪᠡᠷᠬᠡᠰᠢᠶᠠᠯᠳᠠᠢ ᠠᠮᠢᠳᠤᠷᠠᠯ ᠪᠤᠯᠤᠨ ᠨᠢᠩᠵᠢᠨ ᠬᠠᠶᠢᠷ᠎ᠠ ᠪᠢᠯᠬᠠᠭᠰᠠᠨ ᠤᠢᠢᠯᠠ ᠠᠵᠢᠯᠯᠠᠭ᠎ᠠ ᠶᠢ ᠨᠢ ᠦᠵᠡᠭᠡᠳ ᠪᠦᠷ ᠦᠪᠡᠷ ᠤᠨ ᠡᠷᠭᠡ ᠦᠭᠡᠢ ᠦᠷᠤᠪᠴᠢ ᠰᠡᠳᠭᠢᠯ ᠢᠶᠠᠷ ᠲᠡᠭᠦᠨ ᠢ ᠬᠠᠪᠰᠤᠷᠤᠨ ᠲᠡᠮᠵᠢᠳᠡᠭ᠃ ︽ᠪᠢ ᠪᠤᠯ ᠡᠷᠤᠭᠡ ᠭᠡᠷ ᠤᠨ ᠢᠶᠠᠨ ᠲᠤᠯᠭᠠᠭᠤᠷᠢ᠂ ᠪᠢ ᠵᠤᠷᠢᠭ ᠮᠤᠬᠤᠪᠠᠯ ᠡᠨᠡ ᠭᠡᠷ ᠤᠨ ᠠᠮᠢᠳᠤᠷᠠᠯ ᠲᠠᠭᠤᠰᠬᠤ ᠪᠤᠯᠤᠨ᠎ᠠ︾ ᠭᠡᠵᠤ ᠪᠤᠤ ᠰᠢᠤ ᠯᠠᠨ ᠬᠦᠴᠢᠷ ᠪᠡᠷᠬᠡᠰᠢᠶᠠᠯ᠂ ᠶᠠᠳᠠᠭᠤ ᠵᠦᠳᠡᠭᠦᠤ ᠶᠢ ᠬᠠᠶᠢᠬᠤᠷᠤᠯ ᠦᠭᠡᠢ ᠪᠠᠷ ᠰᠠᠶᠢᠨ ᠰᠠᠶᠢᠬᠠᠨ ᠠᠮᠢᠳᠤᠷᠠᠯ ᠢᠶᠠᠨ ᠴᠤᠭᠴᠠᠯᠠᠬᠤ ᠪᠠᠷ ᠴᠢᠷᠮᠠᠶᠢᠭᠰᠠᠭᠠᠷ ᠁     ᠤᠳᠤ ᠲᠡᠭᠦᠨ ᠤ ᠬᠦᠷᠭᠡᠨ ᠲᠡᠬᠦᠤ ᠨᠢ ᠠᠶᠢᠯ ᠭᠡᠷ ᠪᠤᠰᠬᠠᠨ ᠠᠬ᠎ᠠ ᠪᠡᠷᠬᠡᠨ ᠳᠡᠭᠡᠨ ᠲᠤᠰᠠ ᠲᠡᠮ ᠪᠤᠯᠵᠤ ᠪᠠᠶᠢᠬᠤ ᠪᠠᠷ ᠪᠠᠷᠠᠬᠤ ᠦᠭᠡᠢ ᠦᠬᠢᠨ ᠨᠢ ᠴᠤ ᠶᠡᠭᠡ ᠰᠤᠷᠭᠠᠭᠤᠯᠢ ᠪᠠᠨ ᠲᠡᠭᠦᠰᠭᠡᠨ ᠠᠵᠢᠯ ᠤᠨ ᠪᠠᠶᠢᠷᠢᠨ ᠳᠤ ᠭᠠᠷᠴᠤ ᠂ ᠡᠵᠢ ᠪᠠᠨ ᠬᠠᠪᠰᠤᠷᠬᠤ ᠪᠤᠯᠤᠭᠰᠠᠨ ᠶᠤᠮ᠃ ᠪᠤᠤ ᠰᠢᠤ ᠯᠠᠨ ᠰᠢᠨ᠎ᠠ ᠴᠠᠭ ᠦᠶ᠎ᠠ ᠶᠢᠨ ᠪᠦᠰᠡᠬᠦ᠋ᠢᠴᠤᠳ ᠤᠨ ᠲᠠᠭᠤᠷᠢᠶᠠᠯ ᠪᠤᠯᠵᠤ᠂ ᠬᠤᠷᠢᠭᠠᠳ ᠵᠢᠯ ᠤᠨ ᠲᠤᠷᠰᠢ ᠶᠠᠳᠠᠭᠤ ᠬᠦᠴᠢᠷᠳᠠᠯᠳᠠᠢ ᠭᠡᠷ ᠡᠷᠤᠭᠡ ᠪᠠᠨ ᠡᠷᠬᠦᠨ ᠠᠩᠭ᠎ᠠ ᠬᠡᠤᠭᠡᠳ ᠢᠶᠠᠨ ᠦᠰᠭᠡᠨ ᠬᠦᠮᠤᠵᠢᠬᠦᠯᠵᠤ᠂ ᠠᠶᠢᠯ ᠭᠡᠷ ᠢᠶᠠᠨ ᠦᠭᠡᠳᠡ ᠲᠠᠳᠠᠵᠤ ᠶᠠᠪᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号