— ᠡᠮᠤᠨᠡᠳᠤ ᠬᠤᠰᠢᠭᠤᠨ ᠤ ᠲᠡᠪᠰᠡᠭ ᠪᠠᠯᠭᠠᠰᠤ ᠶᠢᠨ ᠡᠤ ᠵᠢᠶᠠᠽᠢ ᠭᠠᠴᠠᠭᠠᠨ ᠤ ᠭᠠᠴᠠᠭᠠᠨ ᠲᠠᠷᠤᠭ᠎ᠠ ᠡᠤ | ᠱᠤ᠋ ᠯᠢᠨ ᠤ ᠠᠷᠠᠳ ᠤᠯᠠᠨ ᠳᠤ ᠤᠢᠢᠯᠡᠴᠢᠯᠡᠭᠰᠡᠨ ᠤᠢᠢᠯᠡ ᠠᠵᠢᠯᠯᠠᠭ᠎ᠠ ᠶᠢ ᠲᠡᠮᠳᠡᠭᠯᠡᠪᠡ | ︽ᠡᠤ ᠵᠢᠶᠠᠽᠢ ᠭᠠᠴᠠᠭ᠎ᠠ ᠶᠢᠨ ᠶᠠᠳᠠᠭᠤ ᠶᠢ ᠲᠡᠳᠬᠦᠬᠦ ᠠᠵᠢᠯ ᠢ ᠬᠠᠷᠢᠭᠤᠴᠠᠭᠰᠠᠨ ᠠᠴᠠ ᠨᠠᠰᠢ᠂ ᠨᠠᠳᠠ ᠶᠢ | ᠬᠠᠮᠤᠭ ᠠᠴᠠ ᠢᠯᠡᠬᠦᠤ ᠲᠤᠭᠳᠤᠯᠤᠭᠤᠯᠤᠭᠰᠠᠨ ᠶᠠᠪᠤᠳᠠᠯ ᠪᠤᠯ ᠲᠠᠷᠤᠢ ᠡᠤ ᠠᠬ᠎ᠠ ᠶᠢᠨ ᠨᠤᠳᠤᠭ ᠤᠨ ᠠᠷᠠᠳ | ᠤᠯᠠᠨ ᠤ ᠪᠠᠨ ᠰᠠᠶᠢᠨ ᠰᠠᠶᠢᠬᠠᠨ ᠠᠮᠢᠳᠤᠷᠠᠯ ᠤᠨ ᠲᠦᠯᠦᠭᠡ ᠦᠭᠡ ᠲᠠᠭᠤᠨ ᠦᠭᠡᠢ ᠪᠠᠷ ᠡᠳᠤᠷ ᠰᠦᠨᠢ ᠶᠢᠨ | ᠬᠤᠪᠢᠨ ᠳᠤ ᠴᠦᠬᠦᠷᠡᠰᠢ ᠦᠭᠡᠢ ᠴᠢᠷᠮᠠᠶᠢᠨ ᠵᠢᠳᠬᠦᠭᠰᠡᠨ ᠵᠢᠳᠬᠦᠯ ᠨᠢ ᠦᠨᠡᠭᠡᠷ ᠪᠢᠰᠢᠷᠡᠬᠦᠰᠢᠳᠠᠢ ᠮᠦᠷᠳᠡᠭᠡᠨ | ᠮᠠᠭᠳᠠᠭᠤᠰᠢᠳᠠᠢ ᠶᠤᠮ᠂ ᠡᠭᠦᠨ ᠢ ᠬᠡᠨ ᠤ ᠪᠡᠶ᠎ᠠ ᠲᠡᠭᠡᠷ᠎ᠠ ᠠᠪᠴᠤ ᠬᠡᠯᠡᠭᠰᠡᠨ ᠴᠤ ᠬᠢᠵᠤ ᠲᠡᠶᠢᠯᠬᠦ ᠳᠤ ᠪᠡᠷᠬᠡ ᠠᠵᠤ | ᠰᠢᠤ︾ ᠭᠡᠵᠤ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤᠨ ᠤ ᠦᠨᠳᠤᠰᠤᠳᠡᠨ ᠱᠠᠰᠢᠨ ᠰᠤᠷᠳᠠᠬᠤᠨ ᠤ | ᠭᠡᠷᠡᠭ ᠡᠷᠬᠢᠯᠡᠬᠦ ᠲᠤᠪᠴᠢᠶᠠᠨ ᠤ ᠠᠵᠢᠯᠳᠠᠨ᠂ ᠳᠠᠪᠰᠡᠭ ᠪᠠᠯᠭᠠᠰᠤᠨ ᠤ ᠡᠤ ᠵᠢᠶᠠᠽᠢ ᠭᠠᠴᠠᠭ᠎ᠠ ᠶᠢᠨ ᠶᠠᠳᠠᠭᠤ ᠶᠢ | ᠲᠡᠳᠬᠦᠬᠦ ᠠᠵᠢᠯ ᠤᠨ ᠠᠩᠭᠢ ᠶᠢᠨ ᠭᠡᠰᠢᠬᠦᠨ ᠯᠢ ᠵᠦᠩ ᠬᠤᠸᠠ ᠰᠤᠷᠪᠤᠯᠵᠢᠯᠠᠭᠴᠢ ᠳᠤ ᠶᠠᠷᠢᠨ᠎ᠠ᠃ ᠯᠢ ᠵᠦᠩ | ᠬᠤᠸᠠ ᠶᠢᠨ ᠲᠤᠳᠤᠨᠤᠴᠢᠯᠠᠨ ᠲᠠᠭᠤᠳᠠᠵᠤ ᠪᠠᠶᠢᠬᠤ ᠡᠤ ᠠᠬ᠎ᠠ ᠭᠡᠳᠡᠭ ᠨᠢ ᠲᠠᠷᠤᠢ ᠲᠤᠰ ᠭᠠᠴᠠᠭᠠᠨ ᠤ ᠭᠠᠴᠠᠭᠠᠨ | ᠲᠠᠷᠤᠭ᠎ᠠ ᠡᠤ ᠱᠤ᠋ ᠯᠢᠨ ᠭᠡᠳᠡᠭ ᠢ ᠰᠤᠷᠪᠤᠯᠵᠢᠯᠠᠬᠤ ᠪᠠᠷ ᠲᠠᠮᠵᠢᠨ ᠤᠢᠢᠯᠠᠭᠠᠨ ᠮᠡᠳᠡᠭᠰᠡᠨ ᠶᠤᠮ᠃ | ᠡᠤ ᠱᠤ᠋ ᠯᠢᠨ ᠤ ᠬᠢᠨ ᠲᠠᠪᠤᠨ ᠠᠮᠠᠭᠤᠯᠠ᠂ ᠡᠬᠡᠨᠡᠷ ᠨᠢ ᠮᠡᠳᠡᠷᠡᠯ ᠤᠨ ᠡᠪᠡᠳᠴᠢᠨ ᠲᠠᠢ᠂ ᠨᠢᠭᠡ ᠬᠦᠤ ᠨᠢᠭᠡ | ᠬᠡᠤᠬᠡᠨ ᠲᠠᠢ᠂ ᠪᠠᠰᠠ ᠨᠠᠶᠠ ᠭᠠᠷᠤᠭᠰᠠᠨ ᠨᠠᠰᠤᠳᠠᠢ ᠡᠵᠢ ᠲᠠᠢ ᠪᠠᠨ ᠲᠠᠪᠤᠭᠤᠯᠠ ᠬᠠᠮᠳᠤ ᠠᠮᠢᠳᠤᠷᠠᠵᠤ ᠪᠠᠶᠢᠳᠠᠭ᠃ | ᠬᠦᠤ ᠪᠤᠯᠤᠨ ᠬᠡᠤᠭᠡᠨ ᠨᠢ ᠭᠠᠳᠠᠨ᠎ᠠ ᠭᠠᠵᠠᠷ ᠰᠤᠷᠤᠯᠭ᠎ᠠ ᠰᠤᠶᠤᠯ ᠤᠨ ᠮᠦᠷ ᠬᠦᠬᠡᠭᠡᠵᠤ ᠪᠠᠶᠢᠬᠤ ᠪᠤᠯᠬᠤᠷ | ᠵᠢᠯ ᠳᠡᠭᠡᠨ ᠲᠠᠮᠠᠢ ᠬᠡᠳᠤ ᠤᠳᠠᠭ᠎ᠠ ᠬᠠᠷᠢᠵᠤ ᠢᠷᠡᠬᠦ ᠦᠭᠡᠢ᠂ ᠡᠤ ᠱᠤ᠋ ᠯᠢᠨ ᠦᠪᠡᠷ ᠢᠶᠠᠨ ᠴᠤ ᠭᠠᠴᠠᠭᠠᠨ | ᠲᠠᠷᠤᠭ᠎ᠠ ᠶᠢᠨ ᠠᠵᠢᠯ ᠢ ᠬᠠᠷᠢᠭᠤᠴᠠᠵᠤ ᠪᠠᠶᠢᠬᠤ ᠪᠤᠯᠬᠤᠷ ᠡᠩ ᠤᠨ ᠦᠶ᠎ᠠ ᠳᠡᠭᠡᠨ ᠪᠦᠷ ᠨᠠᠶᠠ ᠬᠦᠷᠦᠭᠰᠡᠨ ᠨᠠᠰᠤᠳᠠᠢ | ᠡᠵᠢ ᠪᠤᠯᠤᠨ ᠬᠦᠷᠰᠢ ᠵᠡᠷᠭᠡᠯᠡᠳᠡᠭᠡ ᠶᠢᠨ ᠢᠶᠠᠨ ᠬᠠᠪᠰᠤᠷᠤᠯᠭ᠎ᠠ ᠲᠡᠮᠵᠢᠯᠭᠡ ᠲᠤᠤᠷ᠎ᠠ ᠭᠡᠷ ᠤᠨ ᠭᠠᠳᠠᠨ᠎ᠠ ᠲᠤᠳᠤᠨᠠᠬᠢ | ᠠᠵᠢᠯ ᠢᠶᠠᠨ ᠠᠮᠵᠢᠭᠤᠯᠵᠤ ᠬᠢᠳᠡᠭ ᠪᠠᠶᠢᠯ᠎ᠠ᠃ ᠮᠠᠨ ᠤ ᠰᠤᠷᠪᠤᠯᠵᠢᠯᠠᠬᠤ ᠲᠤᠭᠤᠢᠢᠯᠠᠩ ᠤᠨ ᠬᠢᠨ ᠲᠡᠬᠦᠨ ᠢ | ᠰᠤᠷᠪᠤᠯᠵᠢᠯᠠᠬᠤ ᠪᠠᠷ ᠭᠠᠴᠠᠭᠠᠨ ᠤ ᠠᠯᠪᠠᠨ ᠭᠡᠷ ᠲᠤ ᠤᠷᠤᠬᠤ ᠳᠤ᠂ ᠡᠮᠤᠰᠴᠤ ᠵᠡᠭᠦᠭᠰᠡᠨ ᠨᠢ ᠡᠭᠡᠯ ᠪᠤᠷᠤᠬᠵᠢᠭᠤᠨ᠂ | ᠦᠭᠡ ᠶᠠᠷᠢᠶ᠎ᠠ ᠨᠢ ᠡᠶᠡᠯᠰᠡᠭ ᠲᠤᠳᠤᠨᠤ ᠲᠤᠮᠳᠠ ᠶᠢᠨ ᠪᠡᠶ᠎ᠠ ᠲᠠᠢ ᠡᠷᠡᠭᠳᠡᠢ ᠶᠠᠭ ᠭᠠᠴᠠᠭᠠᠨ ᠤ ᠠᠷᠠᠳ ᠤᠨ | ᠵᠢᠭᠡᠯᠡᠯᠭᠡ ᠶᠢᠨ ᠠᠰᠠᠭᠤᠳᠠᠯ ᠢ ᠰᠢᠢᠳᠪᠤᠷᠢᠯᠡᠭᠡᠳ ᠶᠠᠭᠠᠷᠠᠵᠤ ᠪᠠᠶᠢᠯ᠎ᠠ᠃ ᠡᠨᠡ ᠬᠦᠮᠤᠨ ᠪᠤᠯ ᠲᠠᠷᠤᠢ ᠡᠤ ᠵᠢᠶᠠᠽᠢ | ᠭᠠᠴᠠᠭᠠᠨ ᠤ ᠭᠠᠴᠠᠭᠠᠨ ᠲᠠᠷᠤᠭ᠎ᠠ ᠡᠤ ᠱᠤ᠋ ᠯᠢᠨ ᠪᠤᠯᠤᠨ᠎ᠠ᠃ ︽ᠡᠤ ᠠᠬ᠎ᠠ ᠡᠳᠤᠷᠵᠢᠨ ᠭᠠᠴᠠᠭᠠᠨ ᠤ ᠠᠵᠢᠯ ᠳᠤ | ᠶᠠᠭᠠᠷᠠᠭᠠᠳ ᠭᠡᠷ ᠤᠨ ᠠᠵᠢᠯ ᠢᠶᠠᠨ ᠬᠢᠬᠦ ᠵᠠᠪ ᠴᠢᠯᠦᠭᠡ ᠴᠤ ᠤᠯᠳᠠᠬᠤ ᠦᠭᠡᠢ︾ ᠭᠡᠵᠤ ᠲᠤᠰ ᠭᠠᠴᠠᠭ᠎ᠠ ᠶᠢᠨ | ᠨᠢᠭᠡᠳᠤᠭᠡᠷ ᠱᠦᠵᠢ ᠱᠤᠸᠠᠩ ᠯᠦᠩ ᠬᠠᠵᠠᠭᠤ ᠠᠴᠠ ᠦᠭᠡ ᠬᠠᠪᠴᠢᠭᠤᠯᠤᠨ ᠶᠠᠷᠢᠨ᠎ᠠ᠃ | ᠡᠤ ᠱᠤ᠋ ᠯᠢᠨ ᠡᠤ ᠵᠢᠶᠠᠽᠢ ᠭᠠᠴᠠᠭᠠᠨ ᠤ ᠭᠠᠴᠠᠭᠠᠨ ᠲᠠᠷᠤᠭ᠎ᠠ ᠶᠢᠨ ᠠᠵᠢᠯ ᠢ ᠬᠠᠷᠢᠭᠤᠴᠠᠭᠰᠠᠨ ᠠᠴᠠ ᠨᠠᠰᠢ᠂ | ᠤᠯᠠᠨ ᠲᠦᠮᠡᠨ ᠤ ᠠᠰᠠᠭᠤᠳᠠᠯ ᠢ ᠴᠠᠭ ᠢᠮᠠᠭᠳᠠ ᠰᠡᠳᠭᠢᠯ ᠵᠢᠷᠤᠭᠡᠨ ᠳᠡᠭᠡᠨ ᠪᠤᠳᠤᠵᠤ᠂ ᠴᠢᠩ ᠦᠨᠡᠨ | ᠰᠡᠳᠭᠢᠯ ᠠᠴᠠ ᠪᠠᠨ ᠤᠯᠠᠨ ᠲᠦᠮᠡᠨ ᠤ ᠲᠦᠯᠦᠭᠡ ᠪᠤᠳᠠᠳᠤ ᠶᠠᠪᠤᠳᠠᠯ ᠬᠢᠵᠤ᠂ ᠬᠦᠴᠢᠷ ᠶᠠᠪᠤᠳᠠᠯ ᠢ ᠨᠢ | ᠰᠢᠢᠳᠪᠤᠷᠢᠯᠡᠨ ᠦᠭᠬᠦ ᠪᠠᠷ ᠬᠠᠨᠴᠤᠢ ᠰᠢᠮᠠᠯᠠᠨ ᠴᠢᠷᠮᠠᠶᠢᠨ ᠠᠵᠢᠯᠯᠠᠭᠰᠠᠭᠠᠷ ᠢᠷᠡᠵᠠᠢ᠃ ᠢᠯᠠᠩᠭᠤᠶ᠎ᠠ ᠭᠠᠴᠠᠭᠠᠨ ᠤ | ᠠᠷᠠᠳ ᠤᠨ ᠵᠢᠯ ᠪᠦᠷᠢ ᠡᠷᠤᠭᠡ ᠬᠤᠯᠪᠤᠭᠠᠯᠠᠨ ᠵᠢᠭᠡᠯᠡᠯᠭᠡ ᠵᠢᠭᠡᠯᠡᠭᠰᠡᠨ ᠤ ᠲᠠᠷᠠᠭᠠᠬᠢ ᠵᠢᠭᠡᠯᠡᠯᠭᠡ ᠪᠤᠴᠠᠭᠠᠬᠤ | ᠠᠰᠠᠭᠤᠳᠠᠯ ᠢ ᠰᠢᠢᠳᠪᠤᠷᠢᠯᠡᠬᠦ ᠵᠡᠷᠭᠡ ᠠᠯᠢ ᠤᠯᠠᠨ ᠠᠰᠠᠭᠤᠳᠠᠯ ᠢ ᠰᠢᠢᠳᠪᠤᠷᠢᠯᠡᠵᠤ ᠠᠷᠠᠳ ᠤᠯᠠᠨ ᠳᠤ ᠠᠰᠢᠭ | ᠬᠦᠷᠳᠡᠭᠡᠭᠰᠡᠭᠡᠷ ᠢᠷᠡᠵᠠᠢ᠃ | 2017 ᠤᠨ ᠳᠤ ᠡᠤ ᠵᠢᠶᠠᠽᠢ ᠭᠠᠴᠠᠭᠠᠨ ᠤ ᠭᠤᠷᠪᠠᠨ ᠡᠷᠤᠭᠡ ᠬᠤᠯᠪᠤᠭᠠᠯᠠᠨ ᠪᠠᠩᠭᠢ ᠠᠴᠠ 2 ᠲᠦᠮᠡᠨ | ᠲᠦᠬᠦᠷᠢᠭ ᠤᠨ ᠵᠢᠭᠡᠯᠡᠯᠭᠡ ᠵᠢᠭᠡᠯᠡᠵᠠᠢ᠂ ᠡᠭᠦᠨ ᠤ ᠲᠤᠳᠤᠷ᠎ᠠ ᠭᠠᠴᠠᠭᠠᠨ ᠤ ᠠᠷᠠᠳ ᠶᠢᠨ ᠪᠢᠩ ᠡᠪᠡᠳᠴᠢᠨ ᠠᠴᠠ | ᠪᠤᠯᠵᠤ ᠨᠠᠰᠤ ᠨᠦᠭᠴᠢᠵᠠᠢ᠃ ᠨᠠᠰᠤ ᠨᠦᠭᠴᠢᠭᠰᠡᠨ ᠠᠴᠠ ᠪᠤᠯᠵᠤ ᠲᠡᠭᠦᠨ ᠤ ᠵᠢᠭᠡᠯᠡᠭᠰᠡᠨ ᠵᠢᠭᠡᠯᠡᠯᠭᠡ ᠶᠢ ᠪᠤᠴᠠᠭᠠᠬᠤ | ᠬᠦᠮᠤᠨ ᠦᠭᠡᠢ ᠪᠤᠯᠤᠭᠰᠠᠨ ᠪᠠᠶᠢᠨ᠎ᠠ᠃ ᠬᠡᠷᠪᠡ ᠶᠢᠨ ᠪᠢᠩ 2017 ᠤᠨ ᠤ ᠵᠢᠭᠡᠯᠡᠯᠭᠡ ᠪᠠᠨ ᠪᠤᠴᠠᠭᠠᠵᠤ ᠲᠡᠶᠢᠯᠬᠦ | ᠦᠭᠡᠢ ᠪᠤᠯ ᠲᠡᠭᠦᠨ ᠲᠠᠢ ᠬᠤᠯᠪᠤᠭᠠᠯᠠᠭᠰᠠᠨ ᠨᠦᠬᠦᠬᠡ ᠬᠤᠶᠠᠷ ᠡᠷᠤᠭᠡ ᠨᠢ 2018 ᠤᠨ ᠳᠤ ᠵᠢᠭᠡᠯᠡᠯᠭᠡ ᠤᠯᠬᠤ | ᠦᠭᠡᠢ ᠪᠤᠯᠬᠤ ᠶᠤᠮ᠃ ᠡᠨᠡ ᠨᠢ ᠭᠤᠷᠪᠠᠨ ᠡᠷᠤᠭᠡ ᠶᠢᠨ ᠠᠰᠢᠭ ᠲᠤᠰᠠ ᠲᠠᠢ ᠬᠤᠯᠪᠤᠭᠳᠠᠵᠤ ᠪᠠᠶᠢᠭᠰᠠᠨ ᠪᠤᠯᠬᠤᠷ | ᠡᠤ ᠱᠤ᠋ ᠯᠢᠨ ᠶᠢᠨ ᠪᠢᠩ ᠤᠨ ᠦᠷᠢ ᠶᠢ ᠬᠦᠤ ᠳᠤᠨᠢ ᠰᠢᠯᠵᠢᠬᠦᠯᠤᠨ ᠦᠭᠴᠤ ᠠᠪᠤ ᠶᠢᠨ ᠬᠢᠨᠢ ᠦᠷᠢ ᠶᠢ | ᠬᠦᠤ ᠪᠠᠷ ᠨᠢ ᠲᠦᠯᠦᠬᠦᠯᠦᠭᠰᠡᠨ ᠠᠴᠠ ᠭᠤᠷᠪᠠᠨ ᠡᠷᠤᠭᠡ ᠶᠢᠨ ᠵᠢᠭᠡᠯᠡᠯᠭᠡ ᠵᠢᠭᠡᠯᠡᠵᠤ ᠤᠯᠬᠤ ᠶᠢ ᠪᠠᠳᠤᠯᠠᠵᠤ | ᠴᠢᠳᠠᠭᠰᠠᠨ ᠢᠶᠠᠷ ᠪᠠᠷᠠᠬᠤ ᠦᠭᠡᠢ ᠤᠯᠤᠰ ᠤᠨ ᠡᠳ᠋ ᠬᠦᠷᠤᠩᠬᠡ ᠶᠢ ᠴᠤ ᠲᠠᠯᠠᠭᠠᠷ ᠦᠷᠡᠭᠳᠡᠬᠦᠯᠦᠭᠰᠡᠨ ᠦᠭᠡᠢ᠃ | ᠡᠭᠦᠨ ᠤ ᠬᠠᠮᠳᠤ ᠭᠠᠴᠠᠭᠠᠨ ᠤ ᠪᠠᠨ ᠡᠪᠡᠳᠴᠢᠨ ᠡᠮᠭᠡᠭ ᠲᠠᠢ ᠡᠷᠤᠭᠡ ᠶᠢ ᠬᠠᠪᠰᠤᠷᠤᠨ ᠬᠦᠴᠢᠷ ᠲᠦᠪᠡᠭᠳᠡᠢ | ᠠᠰᠠᠭᠤᠳᠠᠯ ᠢ ᠨᠢ ᠰᠢᠢᠳᠪᠤᠷᠢᠯᠡᠵᠤ ᠦᠭᠳᠡᠭ᠃ ᠭᠠᠴᠠᠭᠠᠨ ᠤ ᠠᠷᠠᠳ ᠭᠤ ᠤᠠ᠋ ᠵᠢᠷᠤᠭᠡᠨ ᠡᠪᠡᠳᠴᠢᠨ ᠲᠠᠢ᠂ ᠭᠤ | ᠤᠠ᠋ ᠶᠢᠨ ᠡᠷ᠎ᠠ ᠨᠦᠬᠦᠷ ᠨᠢ ᠮᠡᠳᠡᠷᠡᠯ ᠤᠨ ᠡᠪᠡᠳᠴᠢᠨ ᠲᠠᠢ᠂ ᠬᠤᠶᠠᠷ ᠠᠮᠠᠭᠤᠯᠠ ᠪᠠᠨ ᠲᠤᠭᠳᠠᠭᠰᠠᠨ ᠤᠷᠤᠯᠭ᠎ᠠ ᠭᠡᠵᠤ | ᠦᠭᠡᠢ᠂ ᠡᠭᠦᠨ ᠢ ᠬᠠᠷᠠᠭᠰᠠᠨ ᠡᠤ ᠱᠦ ᠯᠢᠨ ᠦᠪᠡᠷ ᠤᠨ ᠬᠠᠷᠮᠠᠨ ᠠᠴᠠ ᠪᠠᠨ ᠵᠤᠭᠤᠰ ᠭᠠᠷᠭᠠᠵᠤ ᠪᠠᠶᠢᠭᠠᠳ ᠲᠡᠷᠡ | ᠬᠤᠶᠠᠭᠤᠯᠠ ᠶᠢᠨ ᠬᠦᠳᠡᠭᠡ ᠲᠤᠰᠬᠤᠨ ᠤ ᠬᠤᠷᠰᠢᠭᠰᠠᠨ ᠡᠮᠨᠡᠯᠭᠡ ᠶᠢᠨ ᠰᠦᠢᠳᠭᠡᠯ 360 ᠲᠦᠬᠦᠷᠢᠭ ᠢ ᠨᠢ | ᠲᠤᠰᠢᠶᠠᠵᠤ ᠦᠭᠬᠦᠭᠰᠡᠨ ᠪᠠᠶᠢᠨ᠎ᠠ᠃ ᠡᠤ ᠱᠤ᠋ ᠯᠢᠨ ᠤ ᠬᠠᠮᠤᠭ ᠤᠨ ᠶᠠᠭᠠᠷᠠᠯᠳᠠᠢ ᠴᠠᠭ ᠪᠤᠯ ᠬᠠᠪᠤᠷ ᠤᠨ ᠲᠠᠷᠢᠶᠠᠯᠠᠭ᠎ᠠ | ᠪᠤᠯᠤᠨ ᠨᠠᠮᠤᠷ ᠤᠨ ᠬᠤᠷᠢᠶᠠᠯᠳᠠ ᠶᠢᠨ ᠴᠠᠭ ᠪᠤᠯᠤᠨ᠎ᠠ᠃ ᠭᠠᠩ ᠵᠢᠯ ᠲᠠᠷᠢᠶ᠎ᠠ ᠤᠰᠤᠯᠠᠨ᠎ᠠ ᠭᠡᠵᠤ ᠶᠠᠭᠠᠷᠠᠨ᠎ᠠ᠂ | ᠨᠤᠳᠤᠭ ᠤᠨ ᠤᠯᠠᠨ ᠤ ᠪᠠᠨ ᠲᠠᠷᠢᠶ᠎ᠠ ᠶᠢ ᠤᠰᠤᠯᠠᠵᠤ ᠪᠠᠷᠠᠭᠰᠠᠨ ᠤ ᠲᠠᠷᠠᠭ᠎ᠠ ᠰᠠᠶ᠋ᠢ ᠬᠤᠪᠢ ᠶᠢᠨ ᠲᠠᠷᠢᠶ᠎ᠠ ᠪᠠᠨ | ᠤᠰᠤᠯᠠᠨ᠎ᠠ᠃ ᠨᠠᠮᠤᠷ ᠤᠨ ᠬᠤᠷᠢᠶᠠᠯᠳᠠ ᠶᠢᠨ ᠬᠠᠮᠤᠭ ᠶᠠᠭᠠᠷᠠᠯᠳᠠᠢ ᠴᠠᠭ ᠲᠤ᠂ ᠤᠷᠢᠳᠠᠪᠡᠷ ᠭᠠᠴᠠᠭᠠᠨ ᠤ ᠪᠠᠨ | ᠠᠷᠠᠳ ᠤᠨ ᠲᠠᠷᠢᠶ᠎ᠠ ᠶᠢ ᠨᠢ ᠬᠤᠷᠢᠶᠠᠭᠰᠠᠨ ᠤ ᠪᠠᠨ ᠲᠠᠷᠠᠭ᠎ᠠ ᠬᠠᠮᠤᠭ ᠰᠡᠬᠦᠯ ᠳᠤᠨᠢ ᠬᠤᠪᠢ ᠶᠢᠨ ᠲᠠᠷᠢᠶ᠎ᠠ ᠪᠠᠨ | ᠬᠤᠷᠢᠶᠠᠨ᠎ᠠ᠃ | ᠡᠤ ᠵᠢᠶᠠᠽᠢ ᠭᠠᠴᠠᠭ᠎ᠠ ᠦᠩᠭᠡᠷᠡᠭᠰᠡᠨ ᠳᠤ ᠶᠠᠳᠠᠭᠤ ᠬᠤᠴᠤᠷᠤᠩᠭᠤᠢ ᠪᠠᠷ ᠢᠶᠠᠨ ᠲᠡᠪᠰᠡᠭ ᠪᠠᠯᠭᠠᠰᠤᠨ ᠳᠠᠭᠠᠨ | ᠨᠡᠷᠡᠳᠠᠢ ᠭᠠᠴᠠᠭ᠎ᠠ ᠪᠠᠶᠢᠵᠠᠢ᠃ ᠤᠳᠤ ᠡᠤ ᠵᠢᠶᠠᠽᠢ ᠭᠠᠴᠠᠭ᠎ᠠ ᠤᠯᠠᠭᠠᠨ ᠲᠤᠭᠤᠰᠬᠠᠨ ᠪᠠᠶᠢᠰᠢᠩ ᠲᠠᠢ᠂ | ᠠᠷᠠᠳ ᠤᠳ ᠨᠢ ᠠᠵᠢᠯᠴᠢ ᠬᠦᠳᠡᠯᠮᠤᠷᠢᠴᠢ ᠪᠠᠶᠢᠵᠤ᠂ ᠭᠠᠴᠠᠭᠠᠨ ᠤ ᠠᠷᠠᠳ ᠤᠨ ᠬᠡᠪ ᠪᠤᠯᠪᠠᠰᠤᠷᠠᠯ ᠲᠡᠭᠡᠭᠰᠢᠯᠡᠵᠤ᠂ | ᠠᠷᠠᠳ ᠤᠨ ᠠᠮᠢᠳᠤᠷᠠᠯ ᠰᠠᠶᠢᠵᠢᠷᠠᠭᠠᠳ 2017 ᠤᠨ ᠳᠤ ᠲᠤᠰ ᠭᠠᠴᠠᠭ᠎ᠠ ᠶᠢᠨ ᠠᠷᠠᠳ ᠤᠨ ᠤᠷᠤᠯᠭ᠎ᠠ | ᠪᠠᠯᠭᠠᠰᠤᠨ ᠳᠠᠭᠠᠨ ᠡᠮᠤᠨ᠎ᠠ ᠲᠠᠪᠤᠨ ᠨᠡᠷᠡᠰ ᠲᠤ ᠵᠢᠭᠰᠠᠭᠠᠭᠳᠠᠵᠠᠢ᠃ |