4 ᠰᠠᠷ᠎ᠠ ᠶᠢᠨ 27 ᠤ ᠡᠳᠦᠷ᠂ ᠴᠠᠰᠤ ᠬᠠᠷᠠᠬᠠᠨ ᠬᠠᠶᠢᠯᠵᠤ ᠲᠠᠭᠤᠰᠤᠭᠠᠳᠤᠢ ᠪᠠᠶᠢᠵᠤ᠂ ᠥᠷᠯᠤᠭᠡᠨ ᠤ ᠨᠠᠷᠨ | ᠨᠢᠮᠭᠡᠨ ᠮᠠᠨᠠᠨ ᠢ ᠨᠡᠪᠲᠡᠯᠦᠨ᠂ ᠴᠠᠰᠤᠨ ᠰᠢᠷᠭᠡᠭ ᠲᠡᠭᠡᠷ᠎ᠠ ᠲᠤᠰᠬᠤ ᠳᠤ ᠤᠨᠴᠠ ᠶᠢᠨ ᠢᠯᠡᠲᠡᠢ ᠬᠢᠯᠳᠤᠭᠡᠨᠠᠨᠠ᠃ | ᠥᠪᠥᠷ ᠮᠣᠩᠭᠤᠯ ᠤᠨ ᠤᠢ ᠰᠢᠭᠤᠢ ᠶᠢᠨ ᠠᠵᠤ ᠦᠢᠯᠡᠳᠪᠦᠷᠢ ᠶᠢᠨ ᠪᠦᠯᠦᠭᠯᠡᠯ ᠤᠨ ᠮᠣᠷᠢᠳᠠᠭᠠ ᠤᠢ ᠰᠢᠭᠤᠢ ᠶᠢᠨ | ᠠᠵᠤ ᠦᠢᠯᠡᠳᠪᠦᠷᠢ ᠶᠢᠨ ᠺᠣᠮᠫᠠᠨᠢ ᠶᠢᠨ ᠲᠠᠶᠢᠫᠢᠩ ᠡᠵᠡᠩᠨᠡᠯᠲᠡ ᠬᠠᠮᠢᠶᠠᠷᠤᠯᠲᠠ ᠬᠠᠮᠠᠭᠠᠯᠠᠯᠲᠠ ᠶᠢᠨ ᠲᠥᠪ ᠤᠨ ᠳᠡᠳ᠋ | ᠡᠷᠬᠢᠯᠡᠭᠴᠢ ᠵᠠᠩ ᠲᠠᠢ ᠱᠦᠨ ᠤᠤᠯ ᠤᠨ ᠬᠢ ᠲᠠᠢ ᠪᠠᠨ ᠠᠳᠠᠯᠢ ᠪᠠᠷ ᠮᠥᠰᠥ ᠴᠠᠰᠤ ᠶᠢ ᠭᠢᠰᠬᠢᠯᠡᠨ᠂ ᠤᠢ ᠶᠢᠨ | ᠭᠦᠨ ᠢ ᠴᠢᠭᠯᠡᠵᠦ᠂ ᠤᠢ ᠰᠢᠭᠤᠢ ᠶᠢ ᠬᠠᠮᠠᠭᠠᠯᠠᠬᠤ ᠠᠵᠢᠯ ᠢᠶᠠᠨ ᠡᠬᠢᠯᠡᠭᠦᠯᠤᠯ᠎ᠠ᠃ ᠬᠥᠪᠥᠩ ᠭᠤᠲᠤᠯ ᠳᠤᠨᠢ ᠴᠠᠰᠤ | ᠮᠦᠰᠦ ᠪᠠᠷᠢᠯᠳᠤᠨ ᠬᠦᠯᠳᠡᠵᠦ᠂ ᠴᠠᠰᠤ ᠱᠠᠷᠴᠢᠬᠢᠨᠠᠭᠤᠯᠤᠨ ᠠᠯᠬᠤᠯᠠᠬᠤ ᠲᠠᠭᠤᠨ ᠨᠢ ᠤᠢ ᠰᠢᠭᠤᠢ ᠶᠢᠨ ᠨᠠᠮ ᠭᠦᠮ ᠢ | ᠡᠪᠳᠡᠨ᠎ᠠ᠃ | ᠥᠪᠥᠷ ᠮᠣᠩᠭᠤᠯ ᠤᠨ ᠶᠡᠭᠡ ᠬᠢᠩᠭᠠᠨ ᠳᠠᠪᠠᠭ᠎ᠠ ᠶᠢᠨ ᠬᠥᠪᠴᠢ ᠤᠢ ᠶᠢᠨ ᠳᠤᠮᠳᠠ᠂ ᠵᠠᠩ ᠲᠠᠢ ᠱᠦᠨ 27 | ᠵᠢᠯ ᠤᠨ ᠲᠤᠷᠰᠢ᠂ ᠬᠥᠮᠦᠰ ᠤᠨ ᠰᠡᠳᠭᠢᠯ ᠢ ᠬᠥᠳᠡᠯᠭᠡᠮ᠎ᠡ ᠨᠣᠮᠢᠨ ᠨᠣᠭᠤᠭᠠᠨ ᠮᠠᠭᠲᠠᠭᠠᠯ ᠳᠠᠭᠤᠤ ᠶᠢ ᠪᠢᠴᠢᠭᠯᠡᠵᠡᠢ᠃ | ᠤᠢ ᠰᠢᠭᠤᠢ ᠶᠢ ᠡᠵᠡᠩᠨᠡᠨ ᠬᠠᠮᠠᠭᠠᠯᠠᠬᠤ ᠠᠵᠢᠯ ᠤᠨ ᠳᠤᠮᠳᠠ᠂ ᠵᠠᠩ ᠲᠠᠢ ᠱᠦᠨ ᠳᠡᠭᠡᠳᠦ ᠬᠡᠮᠵᠢᠶᠡᠨ ᠤ | ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠪᠣᠯᠤᠨ ᠦᠢᠯᠡᠰ ᠢᠶᠠᠨ ᠳᠡᠭᠡᠳᠦᠯᠡᠬᠦ ᠵᠣᠷᠢᠭ ᠰᠠᠨᠠᠭ᠎ᠠ ᠶᠢ ᠢᠯᠡᠷᠡᠭᠦᠯᠪᠡ᠃ | ᠲᠡᠷᠡ GPS ᠪᠠᠶᠢᠷᠢ ᠲᠣᠭᠲᠠᠭᠠᠬᠤ ᠰᠢᠰᠲ᠋ᠧᠮ᠂ ᠬᠡᠮᠵᠢᠯᠲᠡ ᠶᠢᠨ ᠱᠤᠭᠤᠮ ᠵᠡᠷᠭᠡ ᠲᠥᠬᠦᠭᠡᠷᠦᠮᠵᠢ ᠶᠢ | ᠪᠣᠯᠪᠠᠰᠤᠷᠠᠩᠭᠤᠢ ᠬᠡᠷᠡᠭᠯᠡᠵᠦ᠂ ︽ᠲᠣᠣᠷᠵᠢᠭᠤᠯᠤᠭᠰᠠᠨ ᠲᠣᠭᠤᠷᠢᠨ ᠪᠠᠶᠢᠴᠠᠭᠠᠯᠲᠠ + ᠲᠣᠭᠠᠴᠢᠯᠠᠭᠰᠠᠨ | ᠬᠠᠷᠢᠴᠠᠭᠤᠯᠤᠯ ︾ ᠤᠨ ᠠᠵᠢᠯ ᠤᠨ ᠵᠠᠭᠪᠤᠷ ᠢ ᠰᠢᠨ᠎ᠡ ᠶᠢ ᠡᠭᠦᠳᠦᠨ ᠬᠡᠷᠡᠭᠯᠡᠵᠦ᠂ ᠰᠢᠭᠤᠶᠢᠲᠤ ᠣᠷᠣᠨ ᠳᠤ ᠨᠠᠷᠢᠨ | ᠨᠢᠮᠪᠠᠢ ᠬᠠᠶᠢᠨ ᠪᠠᠶᠢᠴᠠᠭᠠᠯᠲᠠ ᠬᠢᠵᠡᠢ᠃ ᠲᠡᠭᠦᠨ ᠤ ᠴᠢᠩᠭ᠎ᠠ ᠬᠠᠮᠢᠶᠠᠷᠤᠯᠲᠠ ᠳᠣᠣᠷ᠎ᠠ᠂ ᠭᠤᠣᠯᠯᠠᠨ ᠬᠠᠮᠢᠶᠠᠷᠴᠤ | ᠪᠠᠶᠢᠭ᠎ᠠ ᠤᠢ ᠰᠢᠭᠤᠢ ᠶᠢ ᠪᠤᠶᠢᠵᠢᠭᠤᠯᠵᠤ ᠤᠭᠲᠤᠯᠬᠤ ᠣᠷᠣᠨ ᠨᠢ ᠨᠢᠭᠡᠳᠦᠭᠡᠷ ᠲᠦᠷᠦᠯ ᠤᠨ ᠮᠣᠳᠣ ᠣᠭᠲᠣᠯᠬᠤ | ᠣᠷᠣᠨ ᠤ ᠲᠦᠪᠰᠢᠨ ᠢ ᠪᠠᠲᠤᠯᠠᠭᠰᠠᠭᠠᠷ ᠢᠷᠡᠵᠠᠢ᠃ ᠲᠡᠭᠦᠨ ᠤ ᠭᠠᠷᠲᠠᠵᠤ ᠪᠠᠶᠢᠴᠠᠭᠠᠵᠤ ᠰᠢᠯᠭᠠᠨ ᠠᠪᠤᠭᠰᠠᠨ ᠤᠢ | ᠰᠢᠭᠤᠢ ᠶᠢᠨ ᠪᠤᠶᠢᠵᠢᠭᠤᠯᠤᠯᠲᠠ ᠶᠢᠨ ᠲᠠᠯᠠᠪᠠᠢ ᠨᠢ ᠨᠡᠶᠢᠲᠡ 125 ᠲᠦᠮᠡᠨ ᠮᠦ ᠳᠤ ᠬᠦᠷᠴᠦ᠂ ᠡᠭᠡ ᠤᠢ ᠶᠢ 8 | ᠲᠦᠮᠡᠨ ᠮᠦ ᠡᠵᠡᠩᠨᠡᠵᠦ᠂ 9 ᠲᠦᠮᠡᠨ ᠮᠦ ᠮᠣᠳᠣ ᠲᠠᠷᠢᠵᠤ ᠤᠶᠢᠵᠢᠭᠤᠯᠪᠠ᠃ ᠲᠡᠷᠡ ᠬᠠᠮᠲᠤ | ᠠᠵᠢᠯᠯᠠᠭᠰᠠᠳ ᠲᠠᠢ ᠪᠠᠨ ᠬᠠᠮᠵᠢᠯᠴᠠᠨ 192 ᠬᠡᠰᠡᠭ ᠣᠶ ᠰᠢᠭᠤᠶ ᠶᠢ ᠪᠤᠶᠢᠵᠢᠭᠤᠯᠤᠭᠰᠠᠨ ᠦᠷ᠎ᠡ ᠪᠦᠲᠦᠮᠵᠢ ᠶᠢ | ᠬᠢᠨᠠᠨ ᠬᠡᠮᠵᠢᠬᠦ ᠲᠣᠭᠲᠠᠮᠠᠯ ᠪᠠᠷᠢᠮᠵᠢᠶᠠᠲᠤ ᠭᠠᠵᠠᠷ ᠤᠨ ᠳᠠᠪᠲᠠᠨ ᠬᠡᠮᠵᠢᠬᠦ ᠪᠠ ᠪᠥᠲᠥᠭᠡᠨ ᠪᠠᠶᠢᠭᠤᠯᠤᠯᠲᠠ ᠶᠢ | ᠪᠡᠶᠡᠯᠡᠭᠦᠯᠵᠦ᠂ 192 ᠰᠠᠭᠤᠷᠢ ᠮᠤᠳᠤ ᠶᠢ ᠬᠢᠨᠠᠨ ᠬᠡᠮᠵᠢᠯᠳᠠ ᠬᠢᠵᠦ᠂ ᠪᠣᠯᠣᠳ ᠵᠢᠶᠠᠰᠠᠲᠤ ᠵᠢᠱᠢᠶ᠎ᠡ ᠦᠵᠡᠭᠦᠯᠬᠦ | ᠣᠶ ᠶᠢᠨ ᠲᠡᠮᠳᠡᠭ ᠢ 6 ᠪᠠᠶᠢᠭᠤᠯᠵᠤ᠂ ᠮᠣᠳᠣᠨ ᠫᠠᠶᠢᠰᠠᠲᠤ ᠲᠡᠮᠳᠡᠭ ᠢ 1 ᠪᠠᠶᠢᠭᠤᠯᠵᠤ᠂ ᠣᠶ ᠰᠢᠭᠤᠶ ᠶᠢᠨ | ᠤᠷᠭᠤᠯᠲᠠ ᠶᠢᠨ ᠪᠠᠶᠢᠳᠠᠯ ᠢ ᠬᠢᠨᠠᠨ ᠬᠡᠮᠵᠢᠬᠦ ᠳᠤ ᠨᠠᠶᠢᠳᠠᠪᠤᠷᠢᠲᠠᠶ ᠦᠨᠳᠦᠰᠦᠯᠡᠯ ᠬᠠᠩᠭᠠᠭᠰᠠᠨ ᠢᠶᠠᠷ ᠪᠠᠷᠠᠬᠤ ᠥᠬᠡᠶ | ᠪᠥᠲᠥᠭᠡᠨ ᠪᠠᠶᠢᠭᠤᠯᠬᠤ ᠥᠪᠡᠷ ᠤᠨ ᠥᠷᠲᠡᠭ ᠢ 20 ᠲᠦᠮᠡ ᠰᠢᠬᠠᠮ ᠲᠥᠭᠦᠷᠢᠭ ᠠᠷᠪᠢᠯᠠᠪᠠ᠃ | ᠬᠠᠬᠢᠷ ᠡᠪᠦᠯ ᠬᠠᠯᠠᠭᠤᠨ ᠵᠤᠨ ᠭᠡᠰᠡᠨ ᠦᠭᠡᠢ᠂ ᠵᠠᠩ ᠲᠠᠢ ᠱᠦᠨ ᠢᠮᠠᠭᠲᠠ ᠠᠵᠢᠯ ᠤᠨ ᠪᠠᠶᠢᠷᠢ ᠪᠠᠨ ᠪᠠᠲᠤ | ᠰᠠᠬᠢᠳᠠᠭ᠃ ᠵᠣᠨ ᠤ ᠤᠯᠠᠷᠢᠯ ᠳᠤ᠂ ᠰᠢᠭᠤᠶᠢᠲᠤ ᠣᠷᠣᠨ ᠳᠤ ᠢᠯᠠᠭ᠎ᠠ ᠪᠠᠲᠠᠭᠠᠨ᠎ᠠ᠂ ᠱᠠᠯᠵᠨ ᠬᠤᠷᠣᠬᠠᠶ ᠰᠥ᠋ᠷᠡᠭᠡᠢ | ᠪᠣᠯᠪᠠᠴᠤ ᠲᠡᠷᠡ ᠥᠴᠦᠬᠡᠨ ᠴᠦ ᠲᠠᠲᠠᠭᠠᠯᠵᠠᠯ ᠥᠬᠡᠶ ᠠᠵᠢᠯᠯᠠᠵᠤ᠂ ᠱᠠᠯᠵᠨ ᠳᠤ ᠵᠠᠭᠤᠭᠳᠠᠭᠰᠠᠨ ᠤ ᠳᠠᠷᠠᠭ᠎ᠠ | ᠲᠠᠶᠢᠪᠤᠭᠤᠬᠠᠨ ᠢᠶᠠᠷ ᠰᠢᠢᠳᠪᠦᠷᠢᠯᠡᠳᠡᠭ ᠲᠤᠷᠰᠢᠯᠭ᠎ᠠ ᠨᠢ ᠪᠦᠯᠬᠦᠮ ᠨᠡᠶᠢᠲᠡ ᠶᠢᠨ ︽ᠵᠠᠪᠠᠯ ᠰᠤᠷᠬᠤ ᠬᠢᠴᠢᠶᠡᠯ ︾ | ᠪᠣᠯᠤᠭᠰᠠᠨ ᠪᠠᠶᠢᠨ᠎ᠠ ︔ ᠡᠪᠦᠯ ᠤᠨ ᠤᠯᠠᠷᠢᠯ ᠳᠤ᠂ ᠲᠡᠭ ᠠᠴᠠ ᠳᠣᠷᠣᠭᠰᠢ 30 ᠭᠷᠠᠳᠦ᠋ᠰ ᠤᠨ ᠬᠥᠢᠳᠡᠨ ᠢ | ᠲᠡᠰᠪᠤᠷᠢᠯᠡᠨ ᠬᠡᠮᠵᠢᠯᠲᠡ ᠶᠢᠨ ᠲᠥᠯᠥᠪᠯᠡᠭᠡ ᠶᠢᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ ᠲᠥᠯᠥᠭᠡ᠂ ᠲᠡᠷᠡ | ᠦᠷᠭᠦᠯᠵᠢ 10 ᠭᠠᠷᠤᠶ ᠺᠢᠯᠣᠮᠧᠳ᠋ᠷ ᠠᠯᠬᠤᠵᠤ᠂ ᠤᠮᠳᠠᠭᠠᠰᠪᠠᠯ ᠴᠠᠰᠤ ᠡᠮᠬᠦᠨ ᠤᠮᠳᠠ ᠪᠠᠨ ᠳᠠᠷᠤᠵᠤ᠂ ᠶᠠᠳᠠᠷᠠᠪᠠᠯ | ᠪᠤᠯᠠᠭᠠᠷᠢ ᠪᠠᠷ ᠰᠠᠨᠳᠠᠯᠢ ᠪᠣᠯᠭᠠᠵᠤ ᠵᠢᠭᠠᠬᠠᠨ ᠠᠮᠤᠰᠬᠢᠳᠠᠭ᠃ ᠤᠯᠠᠨ ᠵᠢᠯ ᠴᠠᠭ ᠤᠨ ᠬᠤᠭᠤᠯᠠ ᠪᠠᠨ ᠴᠠᠭ ᠲᠠᠭᠠᠨ | ᠰᠠᠶᠢᠬᠠᠨ ᠢᠳᠡᠭᠰᠡᠨ ᠦᠭᠡᠢ ᠠᠴᠠ ᠪᠤᠯᠵᠤ ᠲᠡᠷᠡ ᠬᠤᠳᠣᠭᠤᠳᠣ ᠭᠡᠳᠡᠰᠦᠨ ᠤ ᠡᠪᠡᠳᠴᠢᠨ ᠳᠤ ᠨᠡᠷᠪᠡᠭᠳᠡᠵᠡᠢ᠂ | ᠡᠬᠡᠨᠡᠷ ᠨᠢ ᠲᠡᠭᠦᠨ ᠢ ᠥᠷᠥ ᠡᠪᠡᠳᠴᠦ᠂ ᠦᠷᠭᠦᠯᠵᠢ ᠬᠠᠷᠮᠠᠨ ᠳᠤᠨᠢ ᠯᠣᠬᠠᠱᠧᠩ ᠤᠨ ᠦᠷ᠎ᠡ ᠪᠠ ᠰᠢᠬᠢᠷ ᠰᠠᠪᠠᠯᠠᠵᠤ | ᠥᠭᠳᠡᠭ᠂ ᠡᠳᠡᠭᠡᠷ ᠨᠢ ᠲᠡᠭᠦᠨ ᠤ ᠠᠵᠢᠯ ᠤᠨ ᠵᠠᠪᠰᠠᠷ ᠲᠤ ᠰᠡᠳᠭᠢᠯ ᠢᠶᠠᠨ ᠲᠤᠯᠠᠭᠠᠴᠠᠭᠤᠯᠬᠤ ᠬᠠᠮᠤᠭ ᠤᠨ ︽ | ᠠᠮᠲᠠᠲᠤ ᠬᠤᠭᠤᠯᠠ ︾ ᠪᠣᠯᠤᠨ᠎ᠠ᠃ | ᠲᠤᠰᠬᠠᠢ ᠮᠡᠷᠭᠡᠵᠢᠯ ᠤᠨ ᠠᠵᠢᠯᠳᠠᠨ ᠪᠣᠯᠤᠭᠰᠠᠨ ᠤ ᠬᠤᠪᠢ ᠳᠤ᠂ ᠵᠠᠩ ᠲᠠᠢ ᠱᠦᠨ ᠰᠤᠷᠤᠯᠴᠠᠯᠭ᠎ᠠ ᠶᠢᠨ | ᠴᠢᠬᠤᠯᠠ ᠴᠢᠨᠠᠷ ᠢ ᠭᠦᠨᠵᠡᠭᠡᠢ ᠣᠶᠢᠯᠠᠭᠠᠳᠠᠭ᠃ ᠠᠵᠢᠯ ᠤᠨ ᠴᠢᠯᠥᠭᠡ ᠵᠠᠪ ᠢᠶᠠᠷ ᠢᠶᠠᠨ᠂ ᠲᠡᠷᠡ ᠲᠥᠷᠥ ᠶᠢᠨ | ᠪᠣᠳᠣᠯᠭ᠎ᠠ ᠬᠠᠤᠯᠢ ᠲᠣᠭᠲᠠᠭᠠᠯ᠂ ᠮᠡᠷᠭᠡᠵᠢᠯ ᠤᠨ ᠲᠦᠷᠢᠮ ᠲᠣᠭᠲᠠᠭᠠᠯ ᠪᠠ ᠪᠠᠷᠢᠮᠵᠢᠶ᠎ᠠ ᠨᠠᠷᠢᠨ ᠲᠦᠷᠢᠮ ᠢ ᠨᠠᠷᠢᠨ | ᠬᠢᠨᠠᠮᠠᠭᠠᠶ ᠰᠤᠳᠤᠯᠵᠤ᠂ ᠲᠣᠰ ᠪᠡᠶ᠎ᠡ ᠶᠢᠨ ᠲᠤᠬᠠᠶᠢᠯᠠᠭᠰᠠᠨ ᠠᠵᠢᠯ ᠤᠨ ᠬᠡᠪ ᠪᠣᠯᠪᠠᠰᠤᠷᠠᠯ ᠢᠶᠠᠨ ᠲᠠᠰᠤᠷᠠᠯᠲᠠ ᠥᠬᠡᠶ | ᠳᠡᠭᠡᠭᠰᠢᠯᠡᠭᠦᠯᠪᠡ᠃ ᠲᠡᠷᠡ ᠪᠠᠰᠠ ︽ᠤᠯᠠᠮᠵᠢᠯᠠᠬᠤ ᠬᠠᠪᠰᠤᠷᠬᠤ ᠳᠠᠭᠠᠭᠤᠯᠬᠤ ︾ ᠦᠢᠯᠡᠳᠦᠯ ᠢᠶᠠᠨ ᠢᠳᠡᠪᠬᠢᠲᠡᠢ | ᠪᠠᠳᠠᠷᠠᠭᠤᠯᠵᠤ᠂ ᠲᠤᠰᠬᠠᠢ ᠰᠡᠳᠦᠪᠲᠦ ᠪᠣᠯᠪᠠᠰᠤᠷᠠᠯ ᠢ ᠵᠣᠬᠢᠶᠠᠨ ᠪᠠᠶᠢᠭᠤᠯᠵᠤ᠂ ︽ᠤᠨᠤᠯ ᠤᠨ ᠲᠠᠶᠢᠯᠤᠮᠵᠢ + | ᠲᠤᠬᠠᠢ ᠶᠢᠨ ᠲᠠᠯᠠᠪᠠᠢ ᠶᠢᠨ ᠵᠢᠱᠢᠶ᠎ᠡ ᠦᠵᠡᠭᠦᠯᠬᠦ ︾ ᠵᠢᠭᠠᠨ ᠰᠤᠷᠭᠠᠯᠲᠠ ᠶᠢᠨ ᠵᠠᠭᠪᠤᠷ ᠢᠶᠠᠷ᠂ ᠪᠠᠶᠢᠴᠠᠭᠠᠯᠲᠠ ᠶᠢᠨ | ᠵᠢᠷᠤᠭ ᠲᠥᠯᠥᠪᠯᠡᠭᠡ ᠶᠢᠨ ᠲᠥᠰᠦᠯ᠂ ᠲᠤᠬᠠᠢ ᠶᠢᠨ ᠲᠠᠯᠠᠪᠠᠢ ᠳᠤ ᠮᠦᠴᠢᠷ ᠵᠠᠰᠠᠵᠤ ᠰᠡᠶᠢᠷᠡᠭᠵᠢᠬᠦᠯᠦᠨ ᠤᠭᠳᠤᠯᠬᠤ | ᠮᠡᠷᠭᠡᠵᠢᠯ ᠤᠨ ᠭᠤᠣᠯᠳᠠᠯᠭ᠎ᠠ ᠶᠢ ᠭᠦᠨᠵᠡᠭᠡᠢ ᠲᠠᠶᠢᠯᠪᠤᠷᠢᠯᠠᠵᠤ᠂ ᠪᠦᠯᠬᠦᠮ ᠨᠢᠭᠡᠴᠢ ᠶᠢᠨ ᠲᠤᠰᠬᠠᠢ ᠮᠡᠷᠭᠡᠵᠢᠯ ᠤᠨ | ᠴᠢᠳᠠᠪᠤᠷᠢ ᠶᠢ ᠪᠦᠲᠦᠮᠵᠢᠲᠡᠢ ᠳᠡᠭᠡᠭᠰᠢᠯᠡᠭᠦᠯᠪᠡ᠃ ᠴᠡᠴᠡᠷᠯᠢᠭᠵᠢᠭᠦᠯᠦᠨ ᠨᠣᠭᠤᠭᠠᠷᠠᠭᠤᠯᠬᠤ᠂ ᠦᠷ᠎ᠡ ᠴᠢᠬᠢ ᠶᠢᠨ | ᠦᠢᠯᠡᠳᠪᠦᠷᠢᠯᠡᠯ᠂ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠵᠡᠷᠭᠡ ᠲᠥᠷᠥᠯ ᠵᠦᠢᠯ ᠤᠨ | ᠠᠵᠢᠯ ᠤᠨ ᠳᠤᠮᠳᠠ᠂ ᠲᠡᠷᠡ ᠪᠦᠯᠬᠦᠮ ᠢᠶᠠᠨ ᠳᠠᠭᠠᠭᠤᠯᠤᠨ ᠨᠡᠶᠢᠲᠡ 1000 ᠰᠢᠬᠠᠮ ᠰᠠᠭᠤᠷᠢ ᠮᠣᠳᠣ ᠳᠠᠷᠢᠨ | ᠨᠣᠭᠤᠭᠠᠷᠠᠭᠤᠯᠵᠤ᠂ 2 ᠲᠦᠮᠡᠨ ᠮᠥ ᠶᠢᠨ ᠬᠥᠮᠦᠨ ᠤ ᠬᠦᠴᠦ ᠪᠠᠷ ᠪᠠᠶᠢᠭᠠᠯᠢ ᠶᠢᠨ ᠰᠢᠨᠡᠴᠢᠯᠡᠯᠲᠡ ᠶᠢ ᠠᠬᠢᠭᠤᠯᠬᠤ | ᠡᠭᠦᠷᠭᠡ ᠶᠢ ᠪᠡᠶᠡᠯᠡᠭᠦᠯᠵᠦ᠂ ᠡᠪᠡᠳᠴᠢᠨ ᠬᠤᠷᠣᠬᠠᠶ ᠶᠢᠨ ᠬᠥᠨᠥᠭᠡᠯ ᠢ 3 ᠲᠦᠮᠡᠨ ᠮᠥ ᠰᠡᠷᠭᠡᠶᠢᠯᠡᠨ ᠵᠠᠰᠠᠵᠤ᠂ | ᠰᠢᠭᠤᠶᠢᠲᠤ ᠣᠷᠣᠨ ᠤ ᠠᠮᠢ ᠠᠬᠤᠶ ᠶᠢᠨ ᠵᠢᠭᠤᠯᠴᠢᠯᠠᠯ ᠤᠨ ᠬᠥᠭᠵᠢᠯᠲᠡ ᠶᠢᠨ ᠡᠬᠢ ᠪᠠᠶᠠᠯᠢᠭ ᠤᠨ ᠰᠠᠭᠤᠷᠢ ᠶᠢ | ᠪᠠᠬᠢᠵᠢᠭᠦᠯᠵᠦ᠂ ᠣᠶ ᠰᠢᠭᠤᠶ ᠶᠢᠨ ᠦᠷᠭᠦᠯᠵᠢᠯᠡᠬᠦ ᠬᠥᠭᠵᠢᠯᠲᠡ ᠶᠢ ᠠᠬᠢᠭᠤᠯᠵᠤ᠂ ᠯᠤᠲᠤ ᠶᠡᠭᠡ ᠨᠡᠶᠢᠭᠡᠮ ᠤᠨ ᠦᠷ᠎ᠡ | ᠠᠰᠢᠭ ᠢ ᠡᠭᠦᠳᠪᠡ᠃ | ᠵᠠᠩ ᠲᠠᠢ ᠱᠦᠨ ᠪᠣᠯ ᠲᠡᠷᠢᠵᠦ ᠨᠤᠭᠤᠭᠠᠷᠠᠭᠤᠯᠬᠤ ᠦᠢᠯᠡᠳᠦᠯᠭᠡᠵᠢᠭᠦᠯᠦᠭᠴᠢ ᠪᠣᠯᠬᠤ ᠪᠠᠷ ᠪᠠᠷᠠᠬᠤ ᠦᠭᠡᠢ ᠨᠡᠩ | ᠴᠤ ᠡᠬᠡ ᠪᠠᠶᠢᠭᠠᠯᠢ ᠶᠢᠨ ᠲᠠᠶᠢᠴᠢᠨ ᠬᠠᠮᠠᠭᠠᠯᠠᠭᠴᠢ ᠮᠥᠨ᠃ ᠡᠪ ᠬᠠᠮᠲᠤ ᠨᠠᠮ ᠤᠨ ᠭᠡᠰᠢᠭᠦᠨ ᠪᠣᠯᠤᠭᠰᠠᠨ ᠤ | ᠬᠤᠪᠢ ᠳᠤ᠂ ᠲᠡᠷᠡ ︽ᠠᠷᠠᠳ ᠲᠦᠮᠡᠨ ᠢ ᠳᠡᠭᠡᠳᠦᠯᠡᠬᠦ᠂ ᠠᠮᠢ ᠨᠠᠰᠤ ᠶᠢ ᠳᠡᠭᠡᠳᠦᠯᠡᠬᠦ ︾ ᠣᠶᠢᠯᠠᠭᠠᠭᠳᠠᠬᠤᠨ ᠢ | ᠢᠮᠠᠭᠲᠠ ᠦᠢᠯᠡᠳᠦᠯᠭᠡᠵᠢᠭᠦᠯᠵᠦ᠂ ᠤᠷᠢᠳ ᠬᠤᠵᠢᠳ 40 ᠭᠠᠷᠤᠢ ᠤᠳᠠᠭ᠎ᠠ ᠺᠣᠮᠫᠠᠨᠢ ᠶᠢᠨ ᠤᠢ ᠰᠢᠭᠤᠢ ᠶᠢᠨ | ᠲᠦᠢᠮᠡᠷ ᠢ ᠤᠨᠲᠠᠷᠠᠭᠠᠬᠤ ᠡᠭᠦᠷᠭᠡ ᠳᠤ ᠣᠷᠣᠯᠴᠠᠵᠤ᠂ ᠣᠷᠣᠨ ᠪᠦᠰᠡ ᠰᠤᠨᠳᠠᠯᠠᠭᠰᠠᠨ 14 ᠤᠳᠠᠭ᠎ᠠ ᠶᠢᠨ ᠤᠢ | ᠰᠢᠭᠤᠢ ᠶᠢᠨ ᠠᠵᠤ ᠦᠢᠯᠡᠳᠪᠦᠷᠢ ᠶᠢᠨ ᠺᠣᠮᠫᠠᠨᠢ ᠶᠢᠨ ᠬᠦᠨᠳᠦ ᠶᠡᠭᠡ ᠲᠦᠢᠮᠡᠷ ᠤᠨ ᠪᠠᠶᠢᠳᠠᠯ ᠢ ᠰᠶᠢᠳᠪᠦᠷᠢᠯᠡᠬᠦ ᠳᠤ | ᠲᠤᠰᠠᠯᠠᠵᠠᠢ᠃ 2024 ᠣᠨ ᠤ ᠶᠡᠭᠡ ᠬᠢᠩᠭᠠᠨ ᠳᠠᠪᠠᠭ᠎ᠠ ᠶᠢᠨ ᠠᠶᠤᠩᠭ᠎ᠠ ᠨᠢᠷᠭᠡᠯᠳᠡ ᠶᠢᠨ ᠭᠠᠯ ᠤᠨ | ᠳᠠᠶᠢᠯᠠᠯᠳᠤᠭᠠᠨ ᠳᠤ᠂ ᠲᠡᠷᠡ ᠪᠣᠭᠤᠮᠲᠠ ᠰᠢᠪᠲᠤᠯᠬᠤ ᠳᠤᠭᠤᠶᠢᠯᠠᠩ ᠢ ᠳᠠᠭᠠᠭᠤᠯᠤᠨ ᠵᠠᠯᠭᠠᠭ᠎ᠠ ᠪᠠᠷ 16 ᠡᠳᠦᠷ | ᠰᠥᠨᠢ ᠡᠷᠡᠯᠬᠡᠭᠯᠡᠨ ᠪᠠᠶᠢᠯᠳᠤᠵᠤ᠂ 2 ᠬᠡᠰᠡᠭ ᠠᠶᠤᠩᠭ᠎ᠠ ᠨᠢᠷᠭᠡᠯᠳᠡ ᠶᠢᠨ ᠭᠠᠯ ᠢ ᠠᠮᠵᠢᠯᠲᠠ ᠲᠠᠢ ᠤᠨᠲᠠᠷᠠᠭᠠᠪᠠ᠃ | ᠭᠠᠯ ᠤᠨ ᠲᠠᠯᠠᠪᠠᠢ ᠳᠤ᠂ ᠲᠡᠷᠡ ᠲᠤᠨᠤᠭ ᠲᠦᠬᠦᠭᠡᠷᠦᠮᠵᠢ ᠪᠣᠯᠣᠨ ᠡᠳ᠋ ᠪᠣᠳᠠᠰ ᠢ ᠰᠢᠨᠵᠢᠯᠡᠬᠦ ᠤᠬᠠᠭᠠᠨᠴᠢ ᠪᠠᠷ | ᠲᠣᠬᠢᠷᠠᠭᠤᠯᠵᠤ᠂ ᠪᠠᠲᠤᠯᠠᠭ᠎ᠠ ᠶᠢᠨ ᠲᠣᠭᠲᠡᠴᠡ ᠶᠢ ᠪᠦᠷᠢᠨᠰᠢᠭᠦᠯᠵᠦ᠂ ︽ᠭᠤᠷᠪᠠ ᠶᠢ ᠲᠡᠷᠢᠭᠦᠨ ᠳᠤ ᠲᠠᠯᠪᠢᠬᠤ ︾ | ᠵᠠᠷᠴᠢᠮ ᠢ ᠲᠦᠷᠦᠭᠦᠯᠡᠨ ᠦᠢᠯᠡᠳᠦᠯᠭᠡᠵᠢᠭᠦᠯᠵᠦ᠂ ᠪᠣᠳᠠᠲᠤ ᠠᠵᠢᠯᠯᠠᠭ᠎ᠠ ᠪᠠᠷ ᠢᠶᠠᠨ ᠡᠪ ᠬᠠᠮᠲᠤ ᠨᠠᠮ ᠤᠨ ᠭᠡᠰᠢᠭᠦᠨ ᠤ | ᠬᠠᠷᠢᠭᠤᠴᠠᠯᠭ᠎ᠠ ᠡᠭᠦᠷᠭᠡᠯᠡᠯ ᠢ ᠲᠠᠶᠢᠯᠪᠤᠷᠢᠯᠠᠪᠠ᠃ | ᠴᠤᠭ ᠵᠤᠯᠢ ᠪᠠᠳᠠᠷᠠᠭᠰᠠᠨ ᠭᠠᠯ ᠵᠠᠯᠠᠭᠤ ᠨᠠᠰᠤᠨ ᠠᠴᠠ ᠪᠠᠨ ᠰᠠᠨᠴᠢᠭ ᠪᠤᠭᠤᠷᠤᠯ ︽ᠠᠬᠠᠮᠠᠳ ᠤᠢ | ᠰᠢᠭᠤᠢ ᠶᠢᠨ ᠠᠵᠢᠯᠲᠠᠨ ︾ ᠪᠣᠯᠵᠤ᠂ ᠵᠠᠩ ᠲᠠᠢ ᠱᠦᠨ 27 ᠵᠢᠯ ᠢ ᠨᠢᠭᠡ ᠡᠳᠦᠷ ᠮᠡᠲᠦ ᠪᠠᠲᠤ ᠰᠠᠬᠢᠵᠤ ᠡᠯᠪᠡᠭ | ᠪᠠᠶᠠᠯᠢᠭ ᠦᠷ᠎ᠡ ᠪᠦᠲᠦᠭᠡᠯ ᠣᠯᠵᠠᠢ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠢ ᠰᠢᠭᠤᠢ ᠶᠢ | ᠠᠷᠠᠴᠢᠯᠠᠨ ᠪᠤᠶᠢᠵᠢᠭᠤᠯᠬᠤ ᠠᠵᠢᠯᠲᠠᠨ ᠠᠵᠢᠯᠴᠢᠨ ᠤ ᠤᠷ᠎ᠠ ᠮᠡᠷᠭᠡᠵᠢᠯ ᠤᠨ ᠤᠷᠤᠯᠳᠤᠭᠠᠨ ᠳᠤ᠂ ᠲᠡᠷᠡ ᠭᠠᠷᠮᠠᠭᠠᠢ | ᠤᠷ᠎ᠠ ᠮᠡᠷᠭᠡᠵᠢᠯ ᠢᠶᠠᠷ ᠢᠶᠠᠨ ᠤᠯᠠᠨ ᠠᠴᠠ ᠴᠣᠯᠭᠤᠷᠠᠨ ᠮᠠᠩᠯᠠᠶᠢᠯᠠᠪᠠ᠃ ︽ᠪᠥᠬᠦ ᠣᠷᠣᠨ ᠤ ᠮᠡᠷᠭᠡᠵᠢᠯ ᠤᠨ | ᠴᠢᠳᠠᠪᠤᠷᠢᠲᠠᠨ ︾᠂ ︽ᠥᠪᠡᠷᠲᠡᠭᠡᠨ ᠵᠠᠰᠠᠬᠤ ᠣᠷᠣᠨ ᠤ ︿5 · 1﹀ ᠤ ᠬᠥᠳᠡᠯᠮᠦᠷᠢ ᠶᠢᠨ ᠱᠠᠩᠨᠠᠯ ᠤᠨ | ᠲᠡᠮᠳᠡᠭ ︾ ᠵᠡᠷᠭᠡ ᠢᠷᠠᠭᠤ ᠠᠯᠳᠠᠷ ᠨᠢ ᠲᠡᠭᠦᠨ ᠢ ᠵᠤᠷᠢᠭᠵᠢᠭᠤᠯᠵᠤ ᠦᠷᠭᠦᠯᠵᠢᠯᠡᠨ ᠤᠷᠤᠭᠰᠢᠯᠠᠭᠤᠯᠤᠨ᠎ᠠ᠃ | ᠡᠨᠡ ᠵᠢᠯ ᠤᠨ ︽5 · 1︾ ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠠᠴᠠ ᠡᠮᠦᠨᠡᠬᠡᠨ᠂ ᠵᠠᠩ ᠲᠠᠢ | ᠱᠦᠨ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠶᠢᠨ ᠢᠷᠠᠭᠤ ᠠᠯᠳᠠᠷ ᠢ ᠬᠦᠷᠲᠡᠪᠡ᠃ ᠲᠡᠷᠡ | ᠮᠣᠩᠭᠤᠯ ᠮᠤᠷᠢᠨ ᠤ ᠵᠣᠷᠢᠭ ᠰᠠᠨᠠᠭ᠎ᠠ ᠪᠣᠯᠤᠨ ︽ᠤᠮᠠᠷᠠᠲᠤ ᠶᠢᠨ ᠭᠤᠷᠪᠠᠨ ᠣᠷᠣᠨ ᠤ ᠵᠣᠷᠢᠭ ᠰᠠᠨᠠᠭ᠎ᠠ ︾ ᠶᠢ | ᠦᠷᠭᠦᠯᠵᠢᠯᠡᠨ ᠪᠠᠳᠠᠷᠠᠭᠤᠯᠵᠤ᠂ ᠬᠥᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ᠂ ᠬᠥᠳᠡᠯᠮᠦᠷᠢ ᠶᠢᠨ ᠵᠣᠷᠢᠭ | ᠰᠠᠨᠠᠭ᠎ᠠ᠂ ᠤᠷᠠᠨ ᠳᠠᠷᠬᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠢᠷᠭᠠᠭᠤ ᠴᠢᠷᠮᠠᠶᠢᠯᠭ᠎ᠠ ᠪᠠᠷ ᠤᠢ ᠰᠢᠭᠤᠢ ᠶᠢᠨ | ᠭᠠᠵᠠᠷ ᠪᠤᠯᠭᠠᠨ ᠢ ᠬᠡᠮᠵᠢᠵᠦ᠂ ᠡᠭᠦᠷᠭᠡᠯᠡᠯ ᠢᠶᠠᠷ ᠬᠦᠴᠢᠷ ᠠᠰᠠᠭᠤᠳᠠᠯ ᠪᠦᠬᠦᠨ ᠳᠤ ᠰᠢᠭᠤᠳ ᠬᠠᠨᠳᠤᠵᠤ᠂ | ᠤᠯᠠᠮᠵᠢᠯᠠᠯ ᠢᠶᠠᠷ ᠤᠢ ᠰᠢᠭᠤᠢ ᠶᠢ ᠬᠠᠮᠠᠭᠠᠯᠠᠬᠤ ᠠᠵᠢᠯ ᠢ ᠡᠭᠦᠷᠢᠳᠡ ᠦᠷᠭᠦᠯᠵᠢᠯᠡᠭᠦᠯᠵᠦ᠂ ᠰᠢᠨ᠎ᠡ ᠶᠢ ᠡᠭᠦᠳᠬᠦ ᠪᠠᠷ | ᠪᠣᠬᠢᠷᠲᠤᠯ ᠦᠭᠡᠢ ᠬᠥᠭᠵᠢᠯᠲᠡ ᠶᠢᠨ ᠰᠢᠪᠲᠤᠯᠤᠯᠲᠠ ᠪᠣᠯᠭᠠᠨ᠎ᠠ᠃ ︽ᠡᠨᠡ ᠬᠦ ᠬᠦᠨᠳᠦ ᠴᠢᠬᠤᠯᠠ ᠢᠷᠠᠭᠤ | ᠠᠯᠳᠠᠷ ᠨᠢ ᠭᠠᠭᠴᠠ ᠮᠢᠨᠦᠬᠢ ᠪᠢᠰᠢ᠂ ᠮᠦᠨ ᠴᠦ ᠡᠨᠡ ᠬᠦ ᠤᠢ ᠰᠢᠭᠤᠢ ᠶᠢᠨ ᠬᠢ᠂ ᠬᠦᠳᠡᠩ ᠮᠠᠨᠠᠨ ᠤ ᠳᠤᠮᠳᠠ | ᠠᠭᠤᠯᠠᠠ ᠤᠢ ᠶᠢ ᠬᠡᠮᠵᠢᠵᠦ᠂ ᠰᠦᠨᠢ ᠶᠢᠨ ᠬᠦᠰᠢᠭᠡ ᠶᠢᠨ ᠳᠤᠤᠷ᠎ᠠ ᠨᠣᠭᠤᠭᠠᠨ ᠦᠩᠬᠡ ᠶᠢ ᠰᠠᠬᠢᠨ ᠬᠠᠮᠠᠭᠠᠯᠠᠵᠤ | ᠪᠠᠶᠢᠭ᠎ᠠ ᠤᠢ ᠰᠢᠭᠤᠢ ᠶᠢᠨ ᠠᠵᠢᠯ ᠳᠦᠷᠦᠯ ᠤᠨ ᠬᠥᠮᠦᠰ ᠤᠨ ᠪᠦᠭᠦᠳᠡ ᠶᠢᠨ ᠢᠷᠠᠭᠤ ᠠᠯᠳᠠᠷ ᠮᠦᠨ ︾ ᠭᠡᠵᠦ | ᠢᠯᠡᠳᠭᠡᠪᠡ᠃ | ᠨᠠᠷᠠᠠ ᠰᠠᠷᠠᠠ ᠡᠭᠡᠯᠵᠢᠯᠡᠵᠦ᠂ ᠳᠦᠷᠪᠡᠨ ᠤᠯᠠᠷᠢᠯ ᠰᠤᠯᠢᠭᠳᠠᠨ ᠤᠷᠴᠢᠵᠤ ᠪᠠᠶᠢᠭᠰᠠᠨ ᠴᠤ ᠵᠠᠩ ᠲᠠᠢ ᠱᠦᠨ ᠤ | ᠠᠯᠬᠤᠭ᠎ᠠ ᠶᠡᠷᠦ ᠠᠴᠠ ᠵᠣᠭᠰᠤᠭ᠎ᠠ ᠦᠭᠡᠢ᠃ ᠦᠳᠡᠰᠢ ᠶᠢᠨ ᠪᠦᠷᠦᠢ ᠠᠭᠤᠯᠠᠨ ᠤᠢ ᠳᠤ ᠪᠠᠭᠤᠵᠤ᠂ ᠡᠭᠦᠷ ᠲᠡᠭᠡᠨ | ᠪᠤᠴᠠᠭᠰᠠᠨ ᠰᠢᠪᠠᠭᠤᠳ ᠤᠨ ᠵᠢᠷᠭᠢᠬᠦ ᠲᠠᠭᠤᠨ ᠤᠢ ᠶᠢᠨ ᠳᠤᠮᠳᠠ ᠦᠷᠭᠦᠯᠵᠢᠯᠡᠬᠦᠶ᠎ᠡ᠂ ᠲᠡᠷᠡᠪᠡᠷ GPS ᠪᠠᠶᠢᠷᠢ | ᠲᠣᠭᠲᠠᠭᠠᠯᠳᠠ ᠶᠢᠨ ᠬᠡᠮᠵᠢᠭᠦᠷᠯᠢᠭ ᠢᠶᠠᠨ ᠪᠠᠶᠢᠨ ᠳᠠᠬᠢᠨ ᠡᠷᠭᠦᠵᠦ ᠲᠤᠭ᠎ᠠ ᠪᠠᠷᠢᠮᠲᠠ ᠶᠢ ᠨᠠᠷᠢᠨ ᠬᠠᠷᠭᠤᠭᠤᠯᠵᠤ᠂ | ᠪᠦᠷᠦᠢ ᠳᠠᠰᠤᠷᠠᠵᠤ ᠤᠳᠤᠳ ᠲᠦᠭᠡᠬᠦ ᠳᠤ ᠰᠠᠶ᠋ᠢ ᠰᠠᠷᠠᠨ ᠤ ᠬᠡᠬᠡ ᠲᠠᠢ ᠬᠠᠨᠢᠯᠠᠨ ᠪᠤᠴᠠᠪᠠ᠃ ᠰᠡᠬᠦ᠋ᠢᠨ | ᠰᠦᠨᠳᠡᠷᠯᠡᠭᠰᠡᠨ ᠠᠭᠤᠯᠠ ᠨᠢᠷᠤᠭᠤᠳ ᠲᠡᠭᠦᠨ ᠤ ᠪᠠᠲᠤ ᠰᠠᠬᠢᠵᠤ ᠬᠤᠪᠢ ᠨᠡᠮᠡᠷᠢ ᠦᠵᠡᠭᠦᠯᠦᠭᠰᠡᠨ ᠢ ᠭᠡᠷᠡᠴᠢᠯᠡᠵᠦ᠂ | ᠡᠪᠡᠳᠴᠢᠨ ᠤ ᠬᠥᠨᠥᠭᠡᠯ ᠤᠨ ᠦᠯᠢᠭᠡᠷ ᠶᠠᠩᠵᠤ ᠶᠢ ᠪᠤᠭᠴᠤᠯᠠᠭᠰᠠᠨ ᠪᠢᠷᠵᠢᠩᠭᠡ ᠪᠣᠭᠴᠣ ᠠᠯᠬᠤᠮ ᠢ ᠨᠢ ᠲᠠᠭᠠᠵᠤ | ᠠᠶᠠᠷᠬᠠᠨ ᠰᠠᠵᠢᠯᠠᠵᠤ᠂ ︽ᠦᠨᠳᠦᠷ ᠠᠭᠤᠯᠠᠰ ᠬᠦᠬᠡᠷᠡᠵᠦ ᠦᠪᠡᠷ ᠢᠶᠠᠨ ᠪᠢ ᠦᠳᠡᠯᠦᠭᠰᠡᠨ ︾ ᠭᠡᠬᠦ ᠰᠡᠳᠭᠢᠯ | ᠬᠥᠳᠡᠯᠭᠡᠮ᠎ᠡ ᠦᠯᠢᠭᠡᠷ ᠢ ᠬᠦᠦᠷᠨᠢᠵᠤ ᠪᠠᠶᠢᠯ᠎ᠠ᠃ |