︽ᠡᠨᠡ ᠪᠣᠯ ᠥᠴᠥᠭᠡᠳᠦᠷ ᠤᠨ ᠬᠦᠷᠲᠡᠭᠰᠡᠨ ᠢᠷᠠᠭᠤ ᠠᠯᠳᠠᠷ ᠪᠤᠯᠤᠨ᠎ᠠ᠂ ᠲᠠ ᠶᠠᠭᠠᠬᠢᠭᠰᠡᠨ ᠴᠤ ᠰᠠᠶᠢᠬᠠᠨ | ᠬᠠᠳᠠᠭᠠᠯᠠᠭᠠᠷᠠᠢ᠂ ᠲᠠᠨ ᠤ ᠭᠠᠪᠢᠶ᠎ᠠ ᠪᠠᠶᠢᠨ᠎ᠠ ᠰᠢᠦ ︕︾ 4 ᠰᠠᠷ᠎ᠠ ᠶᠢᠨ 25 ᠤ ᠡᠳᠦᠷ᠂ ᠤᠯᠠᠭᠠᠨᠴᠠᠪ | ᠬᠤᠲᠠ ᠶᠢᠨ ᠳᠥᠷᠪᠡᠳ ᠬᠤᠰᠢᠭᠤᠨ ᠤ ᠵᠠᠩᠭᠠᠨ ᠰᠤᠮᠤ ᠶᠢᠨ ᠸᠧᠶ ᠵᠢᠩ ᠭᠠᠴᠠᠭᠠᠨ ᠤ ᠨᠠᠮ ᠤᠨ ᠡᠭᠦᠷ ᠤᠨ ᠳᠡᠳ᠋ | ᠱᠦᠵᠢ ᠭᠠᠩᠪᠤᠯᠤᠳ ᠡᠬᠡᠨᠡᠷ ᠲᠡᠭᠡᠨ ᠨᠢᠭᠡ ᠬᠤᠪᠢ ᠣᠨᠴᠠᠭᠠᠶ ᠪᠡᠯᠡᠭ ᠬᠦᠷᠭᠡᠯ᠎ᠠ — ᠡᠨᠡ ᠨᠢ ᠲᠡᠭᠦᠨ ᠤ | ᠬᠦᠷᠲᠡᠭᠰᠡᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠶᠢᠨ ᠢᠷᠠᠭᠤ | ᠠᠯᠳᠠᠷ ᠤᠨ ᠦᠨᠡᠮᠯᠡᠯ ︾ ᠪᠤᠯᠤᠨ᠎ᠠ᠂ ᠲᠡᠭᠦᠨ ᠤ ᠡᠬᠡᠨᠡᠷ ᠤᠷᠠᠨ᠎ᠠ ᠢᠨᠢᠶᠡᠮᠰᠦᠭᠯᠡᠵᠦ᠂ ᠢᠷᠠᠭᠤ ᠠᠯᠳᠠᠷ ᠤᠨ | ᠦᠨᠡᠮᠯᠡᠯ ᠢ ᠨᠢ ᠭᠠᠷᠳᠠᠨ ᠠᠪᠴᠤ ᠨᠣᠮ ᠤᠨ ᠲᠠᠯᠪᠢᠭᠤᠷ ᠳᠡᠭᠡᠷ᠎ᠡ ᠲᠠᠯᠪᠢᠪᠠ᠃ | ᠡᠨᠡ ᠵᠢᠯ 47 ᠨᠠᠰᠤᠲᠠᠢ ᠭᠠᠩᠪᠤᠯᠤᠳ ᠪᠠᠰᠠ ᠨᠢᠭᠡᠨ ᠣᠨᠴᠠᠭᠠᠢ ᠪᠡᠶ᠎ᠡ ᠶᠢᠨ ᠭᠠᠷᠤᠯ ᠲᠠᠢ᠂ ᠲᠤᠬᠠᠶᠢᠯᠠᠪᠠᠯ ︽ | ᠤᠯᠤᠰ ᠤᠨ ᠬᠡᠦᠬᠡᠳ ︾ ᠤᠨ ᠬᠤᠶᠢᠴᠢ ᠦᠶ᠎ᠡ ᠪᠣᠯᠤᠨ᠎ᠠ᠃ ᠡᠴᠢᠭᠡ ᠡᠬᠡ ᠨᠢ ᠴᠥᠮ ︽ᠤᠯᠤᠰ ᠤᠨ ᠬᠡᠦᠬᠡᠳ | ︾ ᠪᠤᠯᠬᠤᠷ ᠬᠡᠷ ᠪᠦᠯᠢ ᠶᠢᠨ ᠬᠥᠮᠦᠵᠢᠯ ᠪᠠ ᠡᠴᠢᠭᠡ ᠡᠬᠡ ᠶᠢᠨ ᠢᠶᠠᠨ ᠨᠥᠯᠥᠭᠡ ᠠᠴᠠ ᠪᠤᠯᠵᠤ᠂ ᠲᠡᠷᠡ ᠪᠠᠷ ᠨᠠᠮ | ᠪᠠ ᠤᠯᠤᠰ ᠲᠠᠭᠠᠨ ᠭᠦᠨ ᠵᠤᠵᠠᠭᠠᠨ ᠠᠴᠢ ᠬᠠᠷᠢᠭᠤᠯᠬᠤ ᠰᠡᠳᠭᠢᠯᠭᠡ ᠲᠠᠢ ᠪᠠᠶᠢᠳᠠᠭ᠃ | ᠠᠪᠤ ᠡᠵᠢ ᠶᠢᠨ ᠢᠶᠠᠨ ᠦᠷᠬᠦᠯᠵᠢ ᠶᠠᠷᠢᠳᠠᠭ ᠰᠡᠳᠬᠢᠯ ᠲᠤᠭᠳᠤᠯᠤᠭᠤᠯᠤᠮ᠎ᠠ ᠦᠯᠢᠭᠡᠷ ᠢ ᠭᠠᠩᠪᠤᠯᠤᠳ | ᠪᠠᠭ᠎ᠠ ᠠᠴᠠ ᠪᠠᠨ ᠤᠯᠠᠨ ᠤᠳᠠᠭ᠎ᠠ ᠰᠤᠨᠤᠰᠴᠠᠢ᠃ ᠠᠪᠤ ᠡᠵᠢ ᠨᠢ᠄ ︽ᠬᠡᠦᠬᠡᠳ ᠡ᠂ ᠨᠠᠮ ᠪᠠ ᠤᠯᠤᠰ ᠠᠴᠠ | ᠪᠢᠳᠡᠨ ᠳᠤ ᠣᠷᠣᠰᠢᠨ ᠲᠣᠭᠲᠠᠨᠢᠬᠤ ᠬᠦᠰᠡᠯ ᠡᠷᠡᠮᠡᠯᠵᠡᠯ ᠣᠯᠭᠤᠵᠤ᠂ ᠪᠢᠳᠡᠨ ᠳᠤ ᠥᠨᠥᠳᠦᠷ ᠤᠨ ᠵᠣᠯ ᠵᠢᠷᠭᠠᠯ ᠲᠠᠢ | ᠠᠮᠤᠷ ᠲᠣᠭᠲᠠᠭᠤᠨ ᠠᠮᠢᠳᠤᠷᠠᠯ ᠢ ᠡᠳ᠋ᠯᠡᠭᠦᠯᠦᠭᠰᠡᠨ ᠶᠤᠮ᠂ ᠪᠢᠳᠡ ᠡᠨᠡ ᠬᠦ ᠠᠴᠢ ᠡᠨᠡᠷᠢᠯ ᠢ ᠬᠡᠵᠢᠶ᠎ᠡ᠂ ᠬᠠᠮᠢᠭ᠎ᠠ ᠴᠤ | ᠭᠡᠰᠡᠨ ᠴᠥᠮ ᠰᠡᠳᠭᠢᠯ ᠳᠡᠭᠡᠨ ᠪᠠᠲᠤ ᠴᠡᠭᠡᠵᠢᠯᠡᠵᠦ᠂ ᠰᠠᠶᠢᠨ ᠬᠥᠮᠦᠨ ᠪᠤᠯᠵᠤ᠂ ᠵᠥᠪ ᠵᠠᠮ ᠢᠶᠠᠷ ᠵᠠᠮᠨᠠᠵᠤ᠂ | ᠥᠪᠡᠷ ᠤᠨ ᠬᠠᠮᠤᠭ ᠤᠨ ᠶᠡᠭᠡ ᠴᠢᠷᠮᠠᠶᠢᠯᠭ᠎ᠠ ᠪᠠᠷ ᠢᠶᠠᠨ ᠤᠯᠤᠰ ᠪᠠ ᠨᠡᠶᠢᠭᠡᠮ ᠳᠤ ᠬᠤᠪᠢ ᠨᠡᠮᠡᠷᠢ ᠦᠵᠡᠭᠦᠯᠬᠦ | ᠬᠡᠷᠡᠭᠲᠡᠢ ︾ ᠭᠡᠵᠦ ᠲᠠᠩᠳᠠ ᠰᠤᠷᠭᠠᠳᠠᠭ᠃ ᠠᠪᠤ ᠡᠵᠢ ᠶᠢᠨ ᠬᠢᠨᠢ ᠰᠤᠷᠭᠠᠯ ᠭᠠᠩᠪᠤᠯᠤᠳ ᠤᠨ ᠰᠡᠳᠭᠢᠯ ᠳᠤ ᠭᠦᠨ | ᠬᠠᠳᠠᠩᠰᠢᠵᠠᠢ᠂ ᠲᠡᠷᠡ ᠬᠠᠷᠠᠬᠠᠨ ᠪᠠᠭ᠎ᠠ ᠠᠴᠠ ᠪᠠᠨ ᠥᠪᠡᠷ ᠤᠨ ᠢᠶᠠᠨ ᠴᠢᠳᠠᠯ ᠤᠨ ᠬᠢᠷᠢ ᠲᠤᠳᠤᠷ᠎ᠠ ᠬᠡᠷᠡᠭᠴᠡᠭᠡ ᠲᠠᠢ | ᠬᠥᠮᠦᠰ ᠢ ᠬᠠᠪᠰᠤᠷᠴᠤ᠂ ᠨᠤᠲᠤᠭ ᠤᠰᠤᠨ ᠤ ᠪᠠᠨ ᠠᠴᠢ ᠶᠢ ᠬᠠᠷᠢᠭᠤᠯᠤᠨ᠎ᠠ ᠭᠡᠵᠦ ᠵᠣᠷᠢᠭ ᠰᠢᠭᠤᠳᠴᠠᠢ᠃ | ᠨᠤᠲᠤᠭ ᠤᠰᠤᠨ ᠤ ᠪᠠᠨ ᠠᠴᠢ ᠶᠢ ᠬᠠᠷᠢᠭᠤᠯᠬᠤ ᠳᠤ ᠡᠷᠳᠡᠮ ᠴᠢᠳᠠᠪᠤᠷᠢ ᠲᠠᠢ ᠬᠦᠮᠦᠨ ᠪᠤᠯᠬᠤ ᠬᠡᠷᠡᠭᠲᠡᠶ᠃ | ᠡᠨᠡ ᠲᠠᠯ᠎ᠠ ᠪᠠᠷ ᠭᠠᠩᠪᠤᠯᠤᠳ ᠠᠯᠢ ᠡᠷᠲᠡ ᠪᠡᠯᠡᠳᠭᠡᠯ ᠲᠠᠢ ᠪᠠᠶᠢᠭᠰᠠᠨ ᠠᠵᠢ᠃ | ᠭᠠᠩᠪᠤᠯᠤᠳ 1999 ᠣᠨ ᠳᠤ ᠴᠡᠷᠢᠭ ᠲᠤ ᠣᠷᠣᠪᠠ᠂ ᠬᠠᠷᠠᠬᠠᠨ ᠪᠠᠭ᠎ᠠ ᠠᠴᠠ ᠪᠠᠨ ᠴᠠᠬᠢᠯᠭᠠᠨ ᠬᠡᠯᠬᠢᠶ᠎ᠡ ᠶᠢ | ᠰᠤᠳᠤᠯᠬᠤ ᠳᠤᠷᠠᠲᠠᠢ ᠳᠡᠷᠡ ᠪᠠᠷ ᠴᠡᠷᠢᠭ ᠠᠩᠬᠢ ᠳᠤ ᠠᠯᠪᠠ ᠬᠠᠭᠠᠵᠤ ᠪᠠᠶᠢᠬᠤ ᠬᠤᠭᠤᠴᠠᠭᠠᠨ ᠳᠠᠭᠠᠨ ᠮᠠᠰᠢᠨ ᠲᠡᠷᠭᠡ | ᠰᠡᠯᠪᠢᠨ ᠵᠠᠰᠠᠬᠤ ᠠᠩᠬᠢ ᠳᠤ ᠬᠤᠪᠢᠶᠠᠭᠳᠠᠨ ᠮᠠᠰᠢᠨ ᠲᠡᠷᠭᠡ ᠰᠡᠯᠪᠢᠨ ᠵᠠᠰᠠᠬᠤ ᠤᠷ᠎ᠠ ᠴᠢᠳᠠᠪᠤᠷᠢ ᠶᠢ ᠰᠤᠷᠴᠤ | ᠰᠤᠳᠤᠯᠤᠭᠰᠠᠨ ᠪᠥᠭᠡᠳ ᠮᠠᠰᠢᠨ ᠲᠡᠷᠭᠡ ᠰᠡᠯᠪᠢᠨ ᠵᠠᠰᠠᠬᠤ ᠠᠵᠢᠯᠴᠢᠨ ᠤ ᠬᠢᠷᠢ ᠬᠡᠮ ᠤᠨ ᠦᠨᠡᠮᠯᠡᠯ ᠣᠯᠵᠤ᠂ ᠬᠢᠷᠢ | ᠲᠡᠩᠴᠡᠭᠰᠡᠨ ᠮᠠᠰᠢᠨ ᠲᠡᠷᠭᠡ ᠰᠡᠯᠪᠢᠨ ᠵᠠᠰᠠᠬᠤ ᠠᠵᠢᠯᠴᠢᠨ ᠪᠣᠯᠤᠭᠰᠠᠨ ᠪᠠᠶᠢᠨ᠎ᠠ᠃ | 2001 ᠣᠨ ᠳᠤ ᠭᠠᠩᠪᠤᠯᠤᠳ ᠢᠷᠠᠭᠤ ᠠᠯᠳᠠᠷᠲᠠᠢ ᠪᠠᠷ ᠴᠡᠷᠢᠭ ᠤᠨ ᠠᠯᠪᠠᠨ ᠠᠴᠠ ᠬᠠᠯᠠᠭᠳᠠᠵᠤ᠂ | ᠳᠥᠷᠪᠡᠳ ᠬᠤᠰᠢᠭᠤᠨ ᠤ ᠤᠯᠠᠭᠠᠨᠬᠤᠸᠠ ᠪᠠᠯᠭᠠᠰᠤᠨ ᠳᠠᠭᠠᠨ ᠪᠤᠴᠠᠵᠤ ᠮᠠᠰᠢᠨ ᠲᠡᠷᠭᠡ ᠰᠡᠯᠪᠢᠨ ᠵᠠᠰᠠᠬᠤ ᠭᠠᠵᠠᠷ | ᠪᠠᠶᠢᠭᠤᠯᠵᠠᠢ᠃ ᠮᠠᠰᠢᠨ ᠲᠡᠷᠭᠡ ᠰᠡᠯᠪᠢᠨ ᠵᠠᠰᠠᠬᠤ ᠭᠠᠵᠠᠷ ᠠᠵᠢᠯᠯᠠᠭᠤᠯᠬᠤ ᠶᠠᠪᠤᠴᠠ ᠳᠠᠭᠠᠨ ᠲᠡᠭᠦᠨ ᠤ ᠨᠤᠲᠤᠭ | ᠳᠥᠷᠪᠡᠳ ᠬᠤᠰᠢᠭᠤᠨ ᠤ ᠵᠠᠩᠭᠠᠨ ᠰᠤᠮᠤ ᠶᠢᠨ ᠸᠧᠶ ᠵᠢᠩ ᠭᠠᠴᠠᠭᠠᠨ ᠤ ᠡᠷᠬᠢᠨ ᠲᠣᠭᠤᠷᠢᠨ ᠳᠤ ᠲᠤᠬᠠᠶ ᠶᠢᠨ | ᠦᠶ᠎ᠡ ᠳᠤ ᠬᠠᠶᠢᠷ ᠴᠢᠯᠠᠭᠤᠨ ᠵᠠᠮ ᠪᠠᠶᠢᠭᠰᠠᠨ ᠪᠦᠭᠡᠳ ᠡᠩᠬᠦᠯ ᠳᠤᠩᠬᠤᠯ ᠪᠠᠶᠢᠵᠤ᠂ ᠨᠠᠭᠠᠰᠢ ᠴᠠᠭᠠᠰᠢ ᠶᠠᠪᠤᠬᠤ | ᠲᠡᠷᠭᠡ ᠬᠥᠰᠭᠡ ᠨᠢ ᠦᠷᠭᠦᠯᠵᠢ ᠬᠠᠰᠢᠭᠳᠠᠵᠤ ᠪᠠᠶᠢᠭᠰᠠᠨ ᠤ ᠳᠡᠭᠡᠷ᠎ᠡ ᠬᠢᠯᠢ ᠬᠢᠵᠠᠭᠠᠷ ᠭᠠᠵᠠᠷ ᠠᠭᠤᠳᠠᠮ ᠬᠥᠮᠦᠨ | ᠴᠥᠭᠡᠨ ᠪᠣᠯᠬᠤᠷ ᠬᠠᠰᠢᠭᠳᠠᠭᠰᠠᠨ ᠲᠡᠷᠭᠡ ᠶᠢ ᠰᠡᠯᠪᠢᠨ ᠵᠠᠰᠠᠬᠤ ᠳᠤ ᠲᠤᠩ ᠳᠥᠭᠦᠮ ᠦᠭᠡᠢ ᠪᠠᠶᠢᠭᠰᠠᠨ ᠢ | ᠭᠠᠩᠪᠤᠯᠤᠳ ᠤᠯᠵᠤ ᠮᠡᠳᠡᠵᠠᠢ᠃ ᠨᠤᠲᠤᠭ ᠤᠰᠤᠨ ᠳᠠᠭᠠᠨ ᠬᠤᠪᠢ ᠨᠡᠮᠡᠷᠢ ᠦᠵᠡᠭᠦᠯᠬᠦ ᠶᠢᠨ ᠲᠥᠯᠥᠭᠡ᠂ | ᠭᠠᠩᠪᠤᠯᠤᠳ ᠤᠯᠠᠭᠠᠨᠬᠤᠸᠠ ᠪᠠᠯᠭᠠᠰᠤᠨ ᠳᠠᠬᠢ ᠬᠠᠷᠢᠴᠠᠩᠭᠤᠶ ᠲᠠᠭᠠᠯᠠᠮᠵᠢᠲᠠᠶ ᠠᠮᠢᠳᠤᠷᠠᠯ ᠢᠶᠠᠨ ᠰᠢᠭᠤᠷᠬᠠᠢ | ᠲᠠᠶᠠᠭᠳᠠᠵᠤ᠂ ᠵᠠᠩᠭᠠᠨ ᠰᠤᠮᠤ ᠶᠢᠨ ᠸᠧᠶ ᠵᠢᠩ ᠭᠠᠴᠠᠭ᠎ᠠ ᠳᠠᠭᠠᠨ ᠪᠤᠴᠠᠵᠤ ᠢᠷᠡᠪᠡ᠃ ᠡᠭᠦᠨ ᠤ ᠵᠡᠷᠭᠡᠪᠡᠷ ᠲᠡᠷᠡ | ᠨᠢᠭᠡ ᠰᠠᠤᠷᠢ ᠭᠠᠷ ᠳᠠᠮᠵᠢᠭᠰᠠᠨ ᠮᠠᠰᠢᠨ ᠲᠡᠷᠭᠡ ᠬᠤᠳᠠᠯᠳᠤᠨ ᠠᠪᠴᠤ᠂ ᠳᠡᠷᠭᠡᠨ ᠳᠡᠭᠡᠷ᠎ᠡ ᠪᠠᠨ ᠮᠠᠰᠢᠨ ᠲᠡᠷᠭᠡ | ᠰᠡᠯᠪᠢᠨ ᠵᠠᠰᠠᠬᠤ ᠲᠥᠬᠦᠭᠡᠷᠦᠮᠵᠢ ᠲᠣᠬᠢᠷᠠᠭᠤᠯᠪᠠ᠂ ᠡᠶᠢᠨ ᠬᠦ᠋ ᠨᠢᠭᠡ ᠳᠥᠭᠦᠮᠬᠡᠨ ᠠᠪᠤᠷᠠᠨ ᠲᠤᠰᠠᠯᠠᠬᠤ | ᠦᠢᠯᠡᠴᠢᠯᠡᠭᠡᠨ ᠤ ᠨᠡᠭᠦᠳᠡᠯ ᠲᠡᠷᠭᠡ ᠬᠢᠯᠢ ᠶᠢᠨ ᠱᠤᠭᠤᠮ ᠳᠡᠭᠡᠷ᠎ᠡ ᠬᠠᠰᠢᠭᠳᠠᠭᠰᠠᠨ ᠲᠡᠷᠭᠡᠤᠨ ᠤᠨ ᠳᠡᠷᠭᠡᠳᠡ ᠳᠠᠩᠳᠠ | ᠢᠯᠡᠷᠡᠳᠡᠭ ᠪᠤᠯᠤᠯ᠎ᠠ᠃ | ᠣᠯᠠᠨ ᠵᠢᠯ ᠤᠨ ᠠᠪᠤᠷᠠᠨ ᠲᠤᠰᠠᠯᠠᠬᠤ ᠶᠠᠪᠤᠴᠠ ᠳᠠᠭᠠᠨ ᠭᠠᠩᠪᠤᠯᠤᠳ ᠴᠥᠭᠡᠨ ᠪᠤᠰᠤ ᠬᠦᠮᠦᠰ ᠲᠠᠢ | ᠨᠠᠶᠢᠵᠠᠯᠠᠵᠠᠢ᠂ ᠨᠢᠩᠰᠢᠶᠠ ᠶᠢᠨ ᠬᠤᠳᠠᠯᠳᠤᠭᠠᠴᠢᠨ ᠬᠤᠸᠠᠩ ᠬᠤᠶ ᠹᠧᠩ ᠪᠣᠯ ᠲᠡᠳᠡᠭᠡᠷ ᠤᠨ ᠳᠣᠲᠣᠷᠠᠬᠢ ᠨᠢᠭᠡ ᠨᠢ | ᠪᠣᠯᠤᠨ᠎ᠠ᠃ 4 ᠰᠠᠷ᠎ᠠ ᠶᠢᠨ 21 ᠤ ᠡᠳᠦᠷ᠂ ᠬᠤᠸᠠᠩ ᠬᠤᠢ ᠹᠧᠩ ᠨᠠᠷ ᠭᠤᠷᠪᠠᠭᠤᠯᠠ ᠮᠠᠰᠢᠨ ᠲᠡᠷᠭᠡ ᠵᠢᠯᠣᠭᠤᠳᠤᠨ | ᠵᠡᠭᠦᠨ ᠬᠠᠲᠠᠪᠴᠢ ᠪᠣᠭᠤᠮᠲᠠ ᠠᠴᠠ ᠢᠷᠭᠠᠢ ᠵᠦᠭ ᠮᠣᠷᠳᠠᠵᠠᠢ᠂ ᠲᠤᠰ ᠡᠳᠦᠷ ᠤᠨ ᠤᠷᠤᠢ ᠶᠢᠨ 8 ᠴᠠᠭ ᠲᠤ ᠮᠠᠰᠢᠨ | ᠲᠡᠷᠭᠡ ᠨᠢ ᠳᠥᠷᠪᠡᠳ ᠬᠤᠰᠢᠭᠤᠨ ᠤ ᠬᠢᠯᠢ ᠳᠣᠲᠣᠷᠠᠬᠢ G 331 ᠤᠯᠤᠰ ᠤᠨ ᠵᠠᠮ ᠬᠦᠷᠬᠦ ᠦᠶᠡᠰ᠂ ᠲᠡᠷᠭᠡᠨ ᠤ | ᠳᠤᠰᠤ ᠨᠢ ᠵᠥᠪᠬᠡᠨ 100 ᠭᠠᠷᠤᠢ ᠺᠢᠯᠣᠮᠧᠳ᠋ᠷ ᠠᠶᠠᠯᠠᠵᠤ ᠳᠡᠶᠢᠯᠬᠦ ᠬᠡᠮᠵᠢᠶ᠎ᠡ ᠦᠯᠡᠳᠡᠭᠡᠳ ᠪᠠᠶᠢᠬᠤ ᠲᠤᠬᠢᠶ᠎ᠠ | ᠲᠤᠳᠤᠷᠠᠪᠠ᠂ ᠬᠡᠳᠡᠯ᠎ᠠ ᠲᠤᠰᠤ ᠨᠡᠮᠡᠬᠦ ᠦᠷᠳᠡᠭᠡ ᠬᠦᠷᠳᠡᠯ᠎ᠡ ᠪᠠᠰᠠ 200 ᠭᠠᠷᠤᠢ ᠺᠢᠯᠣᠮᠧᠳ᠋ᠷ ᠶᠠᠪᠤᠬᠤ ᠬᠡᠷᠡᠭᠳᠡᠢ | ᠪᠠᠶᠢᠪᠠ᠃ | ︽ᠪᠢᠳᠡ ᠶᠠᠭ ᠲᠣᠰᠣᠨ ᠤ ᠤᠴᠢᠷ ᠲᠤ ᠵᠣᠪᠠᠵᠤ ᠪᠠᠶᠢᠲᠠᠯ᠎ᠠ᠂ ᠭᠡᠨᠡᠳᠲᠡ ᠵᠠᠮ ᠤᠨ ᠬᠠᠵᠠᠭᠤ ᠳᠤ ᠨᠢᠭᠡ ︿ | ᠵᠢᠯᠣᠭᠤᠴᠢ ᠶᠢᠨ ᠭᠡᠷ ﹀ ᠬᠡᠭᠦ ᠫᠠᠶᠢᠰᠠ ᠬᠠᠷᠠᠭᠳᠠᠵᠠᠢ᠂ ᠲᠡᠭᠡᠭᠡᠳ ᠪᠢᠳᠡ ︿ᠵᠢᠯᠣᠭᠤᠴᠢ ᠶᠢᠨ ᠭᠡᠷ ﹀ ᠲᠤ | ᠬᠥᠷᠴᠤ ᠲᠣᠰᠣ ᠨᠡᠮᠡᠬᠦ ᠠᠷᠭ᠎ᠠ ᠣᠯᠳᠠᠬᠤ ᠡᠰᠡᠬᠦ ᠶᠢ ᠦᠵᠡᠬᠦ ᠪᠠᠷ ᠪᠤᠯᠪᠠ᠃ ᠲᠡᠨᠳᠡ ᠬᠦᠷᠦᠭᠰᠡᠨ ᠤ ᠳᠠᠷᠠᠭ᠎ᠠ᠂ | ᠪᠢᠳᠡ ᠨᠢᠭᠡ ᠨᠠᠰᠤᠲᠠᠨ ᠢᠶᠠᠷ ᠳᠠᠮᠵᠢᠨ ᠭᠠᠩᠪᠤᠯᠤᠳ ᠢ ᠡᠷᠢᠵᠦ ᠣᠯᠪᠠ᠂ ᠲᠡᠷᠡ ᠪᠠᠷᠢᠨ ᠳᠤᠤᠷ᠎ᠠ ᠪᠠᠨ ᠪᠢᠳᠡᠨ ᠳᠤ | ᠨᠢᠭᠡ ᠲᠣᠰᠣ ᠨᠡᠮᠡᠬᠦ ᠭᠠᠵᠠᠷ ᠤᠯᠵᠤ ᠥᠭᠭᠦᠨ᠂ ᠪᠢᠳᠡᠨ ᠢ ᠬᠠᠪᠰᠤᠷᠴᠤ ᠬᠦᠴᠢᠷᠳᠡᠯ ᠢ ᠰᠶᠢᠳᠪᠦᠷᠢᠯᠡᠪᠡ᠃ ᠲᠡᠷᠡ | ᠦᠶᠡᠰ ᠨᠢᠭᠡᠨᠲᠡ ᠣᠷᠣᠢ ᠶᠢᠨ 11 ᠴᠠᠭ ᠪᠣᠯᠴᠢᠬᠠᠵᠠᠶ᠂ ᠪᠢᠳᠡ 100 ᠲᠥᠭᠦᠷᠢᠭ ᠭᠠᠷᠭᠠᠨ ᠥᠭᠴᠦ | ᠭᠠᠩᠪᠤᠯᠤᠳ ᠳᠤ ᠲᠠᠯᠠᠷᠬᠠᠵᠤ ᠪᠠᠶᠢᠬᠤ ᠪᠠᠨ ᠢᠯᠡᠳᠭᠡᠬᠦ ᠳᠤ ᠲᠡᠷᠡ ᠶᠠᠭᠠᠬᠢᠭᠰᠠᠨ ᠴᠤ ᠵᠤᠭᠤᠰ ᠢ ᠬᠤᠷᠢᠶᠠᠬᠤ ᠦᠭᠡᠢ | ᠪᠠᠶᠢᠵᠤ᠂ ︿ᠪᠢ ᠵᠣᠭᠤᠰ ᠤᠨ ᠲᠥᠯᠥᠭᠡ ᠲᠠ ᠨᠠᠷ ᠢ ᠬᠠᠪᠰᠤᠷᠤᠭᠰᠠᠨ ᠪᠢᠰᠢ ﹀ ᠭᠡᠪᠡ ︾ ᠭᠡᠵᠦ ᠬᠤᠸᠠᠩ | ᠬᠤᠢ ᠹᠧᠩ ᠬᠡᠯᠡᠵᠤ ᠪᠠᠶᠢᠪᠠ᠃ | ᠲᠤᠰᠠᠯᠠᠮᠵᠢ ᠭᠤᠶᠤᠬᠰᠠᠨ ᠤᠲᠠᠰᠤ ᠢᠷᠡᠪᠠᠯ ᠭᠠᠨᠭ᠍ᠪᠤᠯᠤᠤᠠ ᠡᠳᠦᠷ ᠰᠥᠨᠢ ᠢᠯᠭᠠᠯ ᠦᠭᠡᠢ᠂ ᠲᠩᠷᠢ ᠬᠡᠳᠦᠢ | ᠮᠠᠭᠤᠬᠠᠢ ᠪᠠᠶᠢᠭᠰᠠᠨ ᠴᠤ ᠬᠠᠮᠢᠶᠠᠷᠤᠯ ᠦᠭᠡᠢ᠂ ᠠᠪᠤᠷᠠᠨ ᠲᠤᠰᠠᠯᠠᠬᠤ ᠪᠠᠷ ᠲᠠᠷᠦ᠋ᠢᠬᠠᠨ ᠮᠤᠷᠳᠠᠵᠤ᠂ ᠲᠡᠳᠡᠭᠡᠷ | ᠲᠤᠰᠠᠯᠠᠮᠵᠢ ᠬᠦᠷᠳᠡᠬᠦ ᠴᠢᠬᠤᠯᠠᠲᠠᠢ ᠬᠦᠮᠦᠰ ᠲᠤ ᠬᠠᠪᠰᠤᠷᠳᠠᠭ᠃ | ᠤᠯᠠᠨ ᠵᠢᠯ ᠤᠨ ᠲᠤᠷᠰᠢ᠂ 160 ᠭᠠᠷᠤᠢ ᠺᠢᠯᠣᠮᠧᠳ᠋ᠷ ᠤᠷᠳᠤ ᠬᠢᠯᠢ ᠶᠢᠨ ᠬᠠᠮᠠᠭᠠᠯᠠᠯᠲᠠ ᠶᠢᠨ ᠵᠠᠰᠠᠮᠠᠯ ᠵᠠᠮ ᠤᠨ | ᠬᠡᠪᠴᠢᠶᠡᠨ ᠳᠤ᠂ ᠭᠠᠨᠭ᠍ᠪᠤᠯᠤᠤᠠ 1.2 ᠲᠦᠮᠡ ᠭᠠᠷᠤᠢ ᠠᠪᠤᠷᠠᠨ ᠲᠤᠰᠠᠯᠠᠬᠤ ᠴᠢᠬᠤᠯᠠᠲᠠᠢ ᠮᠠᠰᠢᠨ ᠲᠡᠷᠭᠡ ᠳᠤ | ᠬᠠᠪᠰᠤᠷᠤᠯᠭ᠎ᠠ ᠦᠵᠡᠭᠦᠯᠵᠦ᠂ ᠬᠢᠯᠢ ᠶᠢᠨ ᠱᠤᠭᠤᠮ ᠳᠡᠭᠡᠷ᠎ᠡ ᠬᠡᠪ ᠤᠨ ᠪᠤᠰᠤ ᠠᠭᠤᠷ ᠠᠮᠢᠰᠬᠤᠯ ᠳᠤ ᠬᠠᠰᠢᠭᠳᠠᠭᠰᠠᠨ | 35 ᠵᠢᠯᠣᠭᠤᠴᠢ ᠶᠢᠨ ᠠᠶᠤᠯ ᠲᠦᠭᠰᠢᠭᠦᠷᠢ ᠶᠢ ᠠᠮᠤᠷ ᠲᠦᠪᠰᠢᠨ ᠪᠣᠯᠭᠠᠨ ᠬᠤᠪᠢᠷᠠᠭᠤᠯᠪᠠ᠃ ᠲᠡᠷᠡ ᠪᠠᠰᠠ ᠡᠷᠬᠢᠨ | ᠲᠣᠭᠤᠷᠢᠨ ᠤ 5 ᠰᠤᠮᠤ ᠶᠢᠨ 27 ᠭᠠᠴᠡᠭᠠᠨ ᠤ 8400 ᠭᠠᠷᠤᠢ ᠲᠡᠭᠰᠢ ᠳᠥᠷᠪᠡᠯᠵᠢᠨ ᠺᠢᠯᠣᠮᠧᠳ᠋ᠷ ᠤᠨ ᠳᠣᠲᠣᠷᠠᠬᠢ | 430 ᠭᠠᠷᠤᠢ ᠮᠠᠯᠴᠢᠨ ᠢ ᠬᠠᠪᠰᠤᠷᠤᠨ ᠡᠯ᠎ᠡ ᠵᠦᠢᠯ ᠤᠨ ᠲᠡᠷᠭᠡ ᠬᠥᠰᠭᠡ ᠶᠢ ᠨᠢ ᠰᠡᠯᠪᠢᠨ ᠵᠠᠰᠠᠵᠤ᠂ ᠤᠯᠠᠨ | ᠲᠦᠮᠡᠨ ᠤ ᠲᠤᠯᠭᠠᠮ ᠠᠰᠠᠭᠤᠳᠠᠯ ᠢ ᠨᠢ ᠰᠢᠢᠳᠪᠦᠷᠢᠯᠡᠵᠠᠢ᠃ | ᠵᠠᠮ ᠳᠡᠭᠡᠷ᠎ᠡ ᠠᠪᠤᠷᠠᠨ ᠲᠤᠰᠠᠯᠠᠬᠤ ᠠᠴᠠ ᠭᠠᠳᠠᠨ᠎ᠠ᠂ ᠭᠠᠨᠭ᠍ᠪᠤᠯᠤᠤᠠ ᠪᠠᠰᠠ ᠲᠤᠬᠠᠶ ᠶᠢᠨ ᠭᠠᠵᠠᠷ ᠤᠨ | ᠮᠠᠯᠴᠢᠳ ᠤᠨ ᠰᠡᠳᠭᠢᠯ ᠳᠠᠬᠢ ︽ᠰᠡᠳᠭᠢᠯ ᠢ ᠳᠤᠯᠠᠭᠠᠴᠡᠭᠤᠯᠤᠭᠴᠢ ︾ ᠪᠣᠯᠵᠣ᠂ ᠶᠡᠭᠡ ᠠᠴᠠ ᠥᠨᠳᠥᠷ | ᠬᠦᠴᠦᠳᠡᠯᠲᠦ ᠴᠠᠬᠢᠯᠭᠠᠨ ᠳᠤ ᠠᠰᠠᠭᠤᠳᠠᠯ ᠭᠠᠷᠬᠤ᠂ ᠲᠠᠷᠢᠶᠠᠯᠠᠩ ᠳᠤ ᠬᠡᠷᠡᠭᠯᠡᠬᠦ ᠮᠠᠰᠢᠨ ᠳᠤ ᠬᠡᠮᠳᠤᠯ ᠭᠠᠷᠬᠤ᠂ | ᠪᠠᠭ᠎ᠠ ᠠᠴᠠ ᠪᠤᠳᠠᠭ᠎ᠠ ᠴᠢᠨᠠᠬᠤ ᠴᠠᠬᠢᠯᠭᠠᠨ ᠲᠣᠭᠤᠭ᠎ᠠ ᠡᠪᠳᠡᠷᠡᠬᠦ᠂ ᠡᠭᠦᠳᠡ ᠴᠣᠩᠬᠤ ᠪᠠᠨ ᠬᠠᠭᠠᠵᠤ ᠳᠡᠶᠢᠯᠬᠦ ᠥᠬᠡᠶ | ᠪᠤᠯᠬᠤ ᠵᠡᠷᠭᠡ ᠤᠴᠢᠷ ᠶᠠᠪᠤᠳᠠᠯ ᠢ ᠰᠶᠢᠳᠪᠦᠷᠢᠯᠡᠬᠦ ᠳᠤ ᠲᠤᠰᠠᠯᠠᠵᠤ᠂ ᠮᠠᠯᠴᠢᠳ ᠬᠦᠴᠢᠷᠳᠡᠯ ᠲᠤᠯᠭᠠᠷᠠᠮᠠᠭᠴᠠ | ᠶᠠᠭᠤᠨ ᠤ ᠡᠮᠦᠨ᠎ᠡ ᠲᠡᠭᠦᠨ ᠢ ᠪᠤᠳᠤᠵᠤ ᠣᠯᠳᠠᠭ᠃ | ᠸᠧᠢ ᠵᠢᠩ ᠭᠠᠴᠡᠭᠠᠨ ᠤ ᠬᠢᠯᠢ ᠶᠢᠨ ᠬᠠᠮᠠᠭᠠᠯᠠᠭᠴᠢ ᠵᠠᠩ ᠭᠧᠨ ᠵᠦ᠄ ︽ᠪᠢ ᠪᠣᠯ ᠭᠠᠩᠪᠤᠯᠤᠳ ᠤᠨ ᠬᠠᠮᠲᠤ | ᠠᠵᠢᠯᠯᠠᠭᠴᠢ᠂ ᠲᠡᠭᠦᠨ ᠤ ᠨᠠᠷᠢᠨ ᠬᠢᠨᠠᠮᠠᠭᠠᠢ ᠠᠵᠢᠯ ᠤᠨ ᠣᠪᠣᠷ ᠢ ᠪᠢ ᠲᠦᠢᠯ ᠢᠶᠠᠷ ᠮᠠᠭᠲᠠᠨ ᠰᠠᠶᠢᠰᠢᠶᠠᠵᠤ ᠪᠠᠶᠢᠨ᠎ᠠ᠂ | ᠲᠡᠷᠡ ᠮᠠᠨ ᠤ ᠡᠷᠬᠢᠨ ᠲᠣᠭᠤᠷᠢᠨ ᠤ ᠮᠠᠯᠴᠢᠳ ᠢ ᠮᠠᠰᠢ ᠤᠯᠠᠨ ᠤᠳᠠᠭ᠎ᠠ ᠬᠠᠪᠰᠤᠷᠴᠠᠢ᠃ ᠨᠢᠳᠤᠨᠤᠨ ᠡᠪᠦᠯ ᠮᠠᠰᠢ | ᠬᠦᠢᠲᠡᠨ ᠪᠠᠶᠢᠵᠤ᠂ ᠲᠡᠷᠡ ᠶᠡᠭᠡ ᠴᠠᠰᠤᠨ ᠳᠤ ᠬᠠᠰᠢᠭᠳᠠᠭᠰᠠᠨ ᠲᠡᠷᠭᠡ ᠶᠢ ᠠᠪᠤᠷᠠᠬᠤ ᠭᠡᠳ ᠬᠤᠶᠠᠷ ᠭᠠᠷ ᠨᠢ | ᠬᠦᠯᠳᠡᠵᠤ ᠬᠠᠪᠤᠳᠤᠭᠰᠠᠨ ᠪᠠᠶᠢᠲᠠᠯ᠎ᠠ ᠶᠠᠮᠠᠷ ᠴᠦ ᠭᠤᠮᠣᠳᠠᠯ ᠤᠨ ᠦᠭᠡ ᠦᠭᠡᠢ ᠪᠠᠶᠢᠯ᠎ᠠ᠃ ᠲᠡᠭᠦᠨ ᠤ ᠠᠪᠤᠷᠠᠨ | ᠲᠤᠰᠠᠯᠠᠯᠲᠠ ᠨᠢ ᠬᠠᠮᠤᠭ ᠤᠨ ᠬᠤᠯᠠ ᠳᠠᠭᠠᠨ 200 ᠺᠢᠯᠣᠮᠧᠳ᠋ᠷ ᠬᠤᠯᠠ ᠪᠠᠶᠢᠭ᠎ᠠ ᠪᠤᠭᠤᠲᠤ ᠶᠢᠨ ᠮᠠᠨᠳᠤᠯ ᠳᠤ | ᠬᠦᠷᠦᠭᠰᠡᠨ ᠪᠠᠶᠢᠳᠠᠭ ︾ ᠭᠡᠵᠦ ᠬᠡᠯᠡᠪᠡ᠃ | ᠭᠠᠩᠪᠤᠯᠤᠳ ᠦᠪᠡᠷ ᠪᠡᠶ᠎ᠡ ᠪᠠᠨ ᠤᠮᠠᠷᠳᠠᠵᠤ ᠤᠯᠠᠨ ᠨᠡᠶᠢᠳᠡ ᠶᠢᠨ ᠲᠥᠯᠥᠭᠡ ᠰᠢᠷᠭᠠᠭᠤ ᠬᠥᠳᠡᠯᠮᠦᠷᠢᠯᠡᠨ᠂ | ᠭᠤᠶᠠᠴᠢ ᠦᠭᠡᠢ ᠵᠢᠳᠬᠦᠭᠰᠡᠨ ᠨᠢ ᠠᠷᠤ ᠭᠡᠷ ᠤᠨ ᠬᠢᠨᠢ ᠳᠡᠮᠵᠢᠯᠭᠡ ᠬᠠᠪᠰᠤᠷᠤᠯᠭ᠎ᠠ ᠠᠴᠠ ᠰᠠᠯᠵᠤ ᠴᠢᠳᠠᠬᠤ ᠦᠭᠡᠢ | ᠶᠤᠮ᠃ ᠲᠡᠭᠦᠨ ᠤ ᠭᠡᠷᠭᠡᠢ ᠨᠢ ᠤᠷᠠᠨ᠎ᠠ᠄ ︽ᠬᠤᠶᠢᠰᠢᠳᠠ ᠪᠢ ᠲᠡᠭᠦᠨ ᠤ ᠰᠠᠶᠢᠨ ᠬᠥᠮᠥᠨ ᠤ ᠰᠠᠶᠢᠨ ᠦᠢᠯᠡ | ᠶᠠᠪᠤᠳᠠᠯ ᠬᠢᠬᠦ ᠶᠢ ᠦᠷᠭᠦᠯᠵᠢᠯᠡᠨ ᠲᠡᠮᠵᠢᠨ᠎ᠠ ︾ ᠭᠡᠪᠡ᠃ ᠭᠠᠩᠪᠤᠯᠤᠳ᠄ ︽ᠦᠨᠡᠨ ᠢ ᠬᠡᠯᠡᠬᠦ ᠳᠤ᠂ ᠮᠢᠨᠤ | ᠥᠨᠥᠳᠥᠷ ᠤᠨ ᠠᠮᠵᠢᠯᠲᠠ ᠪᠦᠲᠦᠮᠵᠢ ᠭᠡᠷᠭᠡᠢ ᠶᠢᠨ ᠮᠢᠨᠢ ᠭᠠᠪᠢᠶ᠎ᠠ ᠵᠢᠳᠬᠦᠯ ᠠᠴᠠ ᠰᠠᠯᠵᠤ ᠴᠢᠳᠠᠬᠤ ᠦᠭᠡᠢ᠂ | ᠵᠠᠷᠢᠮ ᠳᠠᠭᠠᠨ ᠠᠪᠤᠷᠠᠨ ᠲᠤᠰᠠᠯᠠᠬᠤ ᠪᠠᠷ ᠰᠥᠨᠢ ᠳᠦᠯᠢ ᠪᠠᠷ ᠨᠠᠭᠠᠰᠢ ᠴᠠᠭᠠᠰᠢ ᠶᠠᠪᠤᠬᠤ ᠳᠤ ᠨᠠᠮᠠᠢᠢ ᠵᠠᠮ ᠳᠠᠭᠠᠨ | ᠤᠨᠲᠠᠬᠤ ᠠᠴᠠ ᠠᠶᠤᠭᠠᠳ ᠲᠡᠷᠡ ᠨᠠᠳᠠ ᠳᠤ ᠬᠠᠨᠢ ᠪᠤᠯᠵᠤ ᠵᠠᠮ ᠲᠤᠷᠰᠢ ᠰᠠᠨᠠᠭᠤᠯᠵᠤ ᠶᠠᠪᠤᠳᠠᠭ ︕︾ ᠭᠡᠵᠤ | ᠭᠠᠩᠪᠤᠯᠤᠳ ᠨᠦᠬᠦᠵᠦ ᠬᠡᠯᠡᠪᠡ᠃ | ᠣᠯᠠᠨ ᠵᠢᠯ ᠤᠨ ᠲᠤᠷᠰᠢ ᠭᠠᠩᠪᠤᠯᠤᠳ ᠰᠢᠷᠭᠠᠭᠤ ᠬᠥᠳᠡᠯᠮᠦᠷᠢ ᠪᠠᠷ ᠢᠶᠠᠨ ᠮᠠᠰᠢ ᠣᠯᠠᠨ ᠢᠷᠠᠭᠤ ᠠᠯᠳᠠᠷ | ᠭᠥᠷᠳᠡᠵᠠᠢ᠂ ᠡᠭᠦᠨ ᠳᠤ 2024 ᠣᠨ ᠤ ᠳᠥᠷᠪᠡᠳᠦᠭᠡᠷ ᠤᠯᠠᠷᠢᠯ ᠤᠨ ︽ᠳᠤᠮᠳᠠᠳᠤ ᠤᠯᠤᠰ ᠤᠨ ᠰᠠᠶᠢᠨ | ᠬᠥᠮᠥᠨ ᠤ ᠨᠡᠷᠡᠰ · ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠣᠯᠭᠠᠭᠰᠠᠨ ᠰᠠᠶᠢᠨ ᠬᠦᠮᠦᠨ ︾ ︽ᠠᠷᠪᠠᠳᠤᠭᠠᠷ | ᠪᠦᠯᠦᠭ ᠤᠨ ᠪᠥᠬᠦ ᠤᠯᠤᠰ ᠤᠨ ᠠᠵᠢᠯ ᠤᠨ ᠪᠠᠶᠢᠷᠢ ᠳᠡᠭᠡᠷ᠎ᠡ ᠪᠠᠨ ᠯᠧᠢ ᠹᠧᠩ ᠠᠴᠠ ᠰᠤᠷᠤᠯᠴᠠᠭᠰᠠᠨ ᠪᠢᠶᠤᠤᠪᠢᠩ | ︾ ᠵᠡᠷᠭᠡ ᠱᠠᠩᠨᠠᠯ ᠬᠦᠬᠢᠬᠦᠯᠦᠯ ᠪᠠᠶᠢᠳᠠᠭ᠃ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠪᠠᠷ | ᠦᠨᠡᠯᠡᠭᠳᠡᠭᠰᠡᠨ ᠨᠢ ᠭᠠᠩᠪᠤᠯᠤᠳ ᠲᠤ ᠠᠪᠴᠤ ᠬᠡᠯᠡᠪᠡᠯ ᠪᠠᠰᠠ ᠨᠢᠭᠡᠨ ᠰᠢᠨ᠎ᠡ ᠡᠬᠢᠯᠡᠯᠲᠡ ᠪᠠᠶᠢᠯ᠎ᠠ᠃ ᠲᠡᠷᠡ᠄ ︽︿ | ᠤᠯᠤᠰ ᠤᠨ ᠬᠡᠦᠬᠡᠳ ﹀ ᠤᠨ ᠦᠷ᠎ᠡ ᠬᠤᠶᠢᠴᠢ ᠪᠣᠯᠤᠭᠰᠠᠨ ᠤ ᠬᠤᠪᠢ ᠳᠤ᠂ ᠪᠢ ᠨᠡᠶᠢᠭᠡᠮ ᠳᠤ ᠠᠴᠢ ᠬᠠᠷᠢᠭᠤᠯᠵᠤ | ᠂ ᠤᠯᠤᠰ ᠤᠨ ᠠᠴᠢ ᠶᠢ ᠬᠠᠷᠢᠭᠤᠯᠬᠤ ᠬᠠᠷᠢᠭᠤᠴᠠᠯᠭ᠎ᠠ ᠲᠠᠢ᠂ ᠪᠢ ᠬᠥᠳᠡᠯᠮᠦᠷᠢ ᠶᠢᠨ ᠵᠢᠱᠢᠶᠡᠴᠢ ᠶᠢᠨ ᠳᠠᠭᠠᠭᠤᠯᠬᠤ | ᠦᠢᠯᠡᠳᠦᠯ ᠢᠶᠠᠨ ᠦᠷᠭᠦᠯᠵᠢᠯᠡᠨ ᠰᠠᠶᠢᠲᠤᠷ ᠪᠠᠳᠠᠷᠠᠭᠤᠯᠵᠤ᠂ ᠨᠡᠩ ᠤᠯᠠᠨ ᠬᠡᠷᠡᠭᠴᠡᠭᠡ ᠱᠠᠭᠠᠷᠳᠠᠯᠭ᠎ᠠ ᠲᠠᠢ | ᠬᠥᠮᠥᠰ ᠲᠤ ᠬᠠᠪᠰᠤᠷᠤᠨ᠎ᠠ ︾ ᠭᠡᠵᠤ ᠪᠠᠶᠢᠯ᠎ᠠ᠃ | |