4 ᠰᠠᠷ᠎ᠠ ᠶᠢᠨ 23 ᠤ ᠦᠦᠷ ᠤᠨ ᠬᠤᠶᠠᠷ ᠴᠠᠭ ᠲᠤ᠂ ᠪᠤᠭᠤᠲᠤ ᠶᠢᠨ ᠪᠤᠯᠤᠳ ᠲᠡᠮᠦᠷ ᠤᠨ ᠪᠦᠯᠦᠭᠯᠡᠯ ᠤᠨ | ᠪᠤᠯᠤᠳ ᠳᠠᠮᠤᠷ ᠤᠨ ᠬᠤᠯᠪᠤᠭ᠎ᠠ ᠶᠢᠨ ᠪᠤᠯᠤᠳ ᠪᠣᠯᠪᠠᠰᠤᠷᠠᠭᠤᠯᠬᠤ ᠦᠢᠯᠡᠳᠪᠦᠷᠢ ᠶᠢᠨ ᠪᠤᠯᠤᠳ ᠪᠣᠯᠪᠠᠰᠤᠷᠠᠭᠤᠯᠬᠤ | ᠭᠤᠷᠪᠠᠳᠤᠭᠠᠷ ᠬᠡᠯᠲᠡᠰ ᠤᠨ 8 ᠨᠣᠮᠧᠷᠲᠤ ᠡᠷᠭᠢᠯᠳᠦᠭᠡ ᠵᠤᠤᠬ᠎ᠠ ᠶᠢᠨ ᠡᠮᠦᠨ᠎ᠡ᠂ 1600 ᠭᠠᠷᠤᠢ ᠼᠧᠯᠰ | ᠭᠷᠠᠳᠦ᠋ᠰ ᠤᠨ ᠪᠤᠯᠤᠳ ᠤᠨ ᠰᠢᠩᠭᠡᠨ ᠵᠤᠤᠬᠠᠨ ᠳᠤᠳᠤᠷ᠎ᠡ ᠪᠤᠷᠬᠢᠯᠵᠤ᠂ ᠰᠦᠨ ᠴᠧᠩ ᠪᠢ ᠶᠢᠨ ᠬᠥᠯᠥᠰᠥ | ᠤᠷᠤᠰᠤᠭᠰᠠᠨ ᠴᠢᠷᠠᠢ ᠶᠢ ᠤᠯᠠᠶᠢᠯᠭᠠᠨᠠ᠃ ᠲᠡᠷᠡ ᠬᠠᠯᠠᠭᠠᠨ ᠤ ᠬᠡᠮᠵᠢᠬᠦᠷᠯᠢᠭ ᠪᠠᠷᠢᠵᠤ᠂ ᠵᠤᠤᠬᠠᠨ ᠠᠴᠠ ᠦᠰᠦᠷᠴᠦ | ᠪᠠᠶᠢᠭ᠎ᠠ ᠭᠠᠯ ᠢ ᠰᠢᠷᠲᠡᠵᠦ᠂ ᠭᠡᠨᠡᠳᠲᠡ ᠡᠷᠡᠰ ᠰᠢᠭᠤᠷᠬᠠᠢ ᠪᠠᠷ᠄ ︽ᠬᠦᠴᠢᠯᠲᠥ᠋ᠷᠥᠭᠴᠢ ᠤᠷᠤᠭᠤᠯᠬᠤ ᠪᠠᠨ | ᠵᠣᠭᠰᠣᠭᠳᠤᠨ ︕ ᠪᠣᠯᠣᠳ ᠢ ᠠᠪᠴᠤ ᠭᠠᠷᠭ᠎ᠠ ︕︾ ᠭᠡᠰᠡᠨ ᠵᠠᠷᠯᠢᠭ ᠪᠠᠭᠤᠯᠭᠠᠪᠠ᠂ ᠡᠨᠡ ᠬᠦ ᠴᠠᠭ ᠮᠥᠴᠡ ᠳᠤ᠂ | ᠡᠷᠭᠢᠯᠳᠦᠭᠡ ᠵᠤᠤᠬ᠎ᠠ ᠶᠢᠨ ᠡᠴᠦᠰ ᠤᠨ ᠴᠡᠭ ᠤᠨ ᠨᠡᠭᠦᠷᠡᠰᠦᠲᠥ᠋ᠷᠥᠭᠴᠢ ᠶᠢᠨ ᠠᠭᠤᠯᠤᠭᠳᠡᠴᠡ ᠶᠢ 0.12% ᠢᠶᠠᠷ | ᠣᠨᠣᠪᠴᠢᠲᠠᠶ ᠲᠣᠭᠲᠠᠭᠠᠵᠤ᠂ ᠮᠡᠰᠡ ᠵᠠᠰᠠᠯ ᠬᠢᠬᠦ ᠮᠡᠳᠦ ᠪᠠᠷ ᠣᠨᠣᠪᠴᠢᠲᠠᠶ ᠠᠵᠢᠯᠯᠠᠵᠤ᠂ ᠲᠡᠮᠦᠷ ᠵᠠᠮ ᠤᠨ ᠪᠤᠯᠤᠳ | ᠮᠠᠲ᠋ᠧᠷᠢᠶᠠᠯ ᠢ ᠪᠠᠷᠢᠮᠵᠢᠶ᠎ᠠ ᠶᠤᠰᠤᠭᠠᠷ ᠰᠠᠶᠢᠳᠤᠷ ᠦᠢᠯᠡᠳᠪᠦᠷᠢᠯᠡᠳᠡᠭ᠃ | ᠡᠶᠢᠮᠦᠷᠬᠦᠦ ᠪᠠᠶᠢᠳᠠᠯ ᠳᠤᠤᠷ᠎ᠠ᠂ ᠰᠦᠨ ᠴᠧᠩ ᠪᠢ 27 ᠵᠢᠯ ᠠᠵᠢᠯᠯᠠᠵᠤ᠂ ᠵᠠᠯᠠᠭᠤ ᠨᠠᠰᠤ ᠪᠣᠯᠤᠨ ᠬᠠᠯᠠᠭᠤᠨ | ᠴᠢᠰᠤ ᠪᠠᠷ ᠢᠶᠠᠨ ᠰᠢᠨ᠎ᠡ ᠴᠠᠭ ᠦᠶ᠎ᠡ ᠶᠢᠨ ᠠᠵᠤ ᠦᠢᠯᠡᠰ ᠤᠨ ᠠᠵᠢᠯᠴᠢᠨ ᠤ ᠲᠡᠮᠡᠴᠡᠯ ᠤᠨ ᠮᠠᠭᠲᠠᠭᠠᠯ ᠳᠠᠭᠤᠤ ᠶᠢ | ᠪᠢᠴᠢᠭᠯᠡᠵᠡᠢ᠃ | 1998 ᠣᠨ ᠤ ᠡᠪᠦᠯ ᠣᠨᠴᠠᠭᠠᠢ ᠬᠦᠢᠲᠡᠨ ᠪᠠᠶᠢᠯ᠎ᠠ᠃ 18 ᠨᠠᠰᠤᠲᠠᠶ ᠰᠦᠨ ᠴᠧᠩ ᠪᠢ ᠭᠠᠯ ᠰᠡᠷᠭᠡᠶᠢᠯᠡᠬᠦ | ᠬᠤᠪᠴᠠᠰᠤ ᠡᠮᠦᠰᠴᠦ᠂ ᠡᠷᠭᠢᠯᠳᠦᠭᠡ ᠵᠤᠤᠬ᠎ᠠ ᠠᠴᠠ ᠰᠦᠷᠴᠢᠬᠦ ᠭᠠᠯ ᠤᠨ ᠤᠴᠢ ᠶᠢᠨ ᠡᠮᠦᠨ᠎ᠠ ᠠᠵᠢᠯᠯᠠᠵᠤ ᠡᠬᠢᠯᠡᠪᠡ᠃ | ᠲᠡᠷᠡ ᠦᠶ᠎ᠡ ᠳᠤ᠂ ᠬᠥᠮᠦᠨ ᠤ ᠬᠦᠴᠦ ᠪᠠᠷ ᠰᠢᠭᠠᠷᠤ ᠴᠡᠪᠡᠷᠯᠡᠬᠦ ᠪᠣᠯ ᠬᠠᠮᠤᠭ ᠤᠨ ᠬᠦᠴᠢᠷ ᠠᠵᠢᠯ ᠪᠣᠯᠤᠨ᠎ᠠ᠂ | ᠠᠵᠢᠯᠴᠢᠨ ᠠᠷᠪᠠᠨ ᠬᠡᠳᠦᠨ ᠵᠢᠩ ᠤᠨ ᠪᠤᠯᠤᠳ ᠴᠠᠷᠢᠯ ᠢᠶᠠᠷ ᠴᠠᠷᠴᠠᠭᠰᠠᠨ ᠵᠤᠤᠬᠠᠨ ᠤ ᠰᠢᠭᠠᠷᠤ ᠶᠢ ᠤᠳᠬᠤᠬᠤ ᠳᠤ᠂ | ᠬᠠᠪ ᠬᠠᠯᠠᠭᠤᠨ ᠲᠣᠭᠤᠰᠣ ᠰᠢᠷᠣᠢ ᠨᠢᠭᠤᠷ ᠤᠷᠤᠭᠤ ᠳᠡᠭᠳᠡᠨ ᠢᠷᠡᠭᠡᠳ᠂ ᠠᠵᠢᠯ ᠤᠨ ᠬᠤᠪᠴᠠᠰᠤ ᠳᠡᠭᠡᠷ᠎ᠡ ᠨᠢ | ᠳᠠᠪᠤᠰᠤᠨ ᠬᠢᠷᠠᠭᠤ ᠰᠠᠭᠤᠯᠭᠠᠳᠠᠭ᠃ ︽ᠲᠤᠬᠠᠢ ᠶᠢᠨ ᠦᠶ᠎ᠡ ᠶᠢᠨ ᠠᠵᠢᠯ ᠤᠨ ᠣᠷᠴᠢᠨ ᠶᠠᠭ ᠬᠠᠯᠠᠭᠤᠨ ᠲᠤᠭᠤᠭ᠎ᠠ | ᠰᠢᠭ᠂ ᠨᠡᠩ ᠴᠤ ᠲᠠᠶᠢᠨ ᠤ ᠲᠠᠯᠠᠪᠤᠷ ᠮᠡᠳᠤ ᠪᠠᠶᠢᠵᠠᠢ ︾ ᠭᠡᠵᠤ ᠰᠦᠨ ᠴᠧᠩ ᠪᠢ ᠡᠷᠭᠢᠴᠡᠭᠦᠯᠦᠨ ᠬᠡᠯᠡᠪᠡ᠃ | ᠭᠡᠪᠡᠴᠦ ᠲᠡᠷᠡ ᠡᠶᠢᠮᠦᠷᠬᠦᠦ ᠣᠷᠴᠢᠨ ᠳᠤ ︽ᠭᠢᠷᠠᠬᠠᠶ ᠨᠢᠳᠦ ︾ ᠲᠠᠢ ᠪᠤᠯᠵᠤ᠂ ᠵᠤᠤᠬᠠᠨ ᠠᠮᠠᠰᠠᠷ ᠤᠨ ᠭᠠᠯ ᠤᠨ | ᠦᠩᠭᠡ ᠶᠢᠨ ᠬᠤᠪᠢᠷᠠᠯᠲᠠ ᠠᠴᠠ ᠵᠤᠤᠬᠠᠨ ᠳᠣᠲᠣᠷᠠᠬᠢ ᠳᠤᠯᠠᠭᠠᠨ ᠤ ᠬᠡᠮᠵᠢᠶ᠎ᠡ ᠶᠢ ᠮᠠᠭᠠᠳᠯᠠᠵᠤ ᠴᠢᠳᠠᠨ᠎ᠠ᠂ | ᠵᠥᠷᠢᠶ᠎ᠡ ᠨᠢ 5 ᠼᠧᠯᠰ ᠤᠨ ᠭᠷᠠᠳᠦ᠋ᠰ ᠠᠴᠠ ᠬᠡᠲᠦᠷᠡᠬᠦ ᠦᠭᠡᠢ ᠪᠠᠶᠢᠵᠠᠢ᠃ | 2008 ᠣᠨ ᠤ ︽ᠦ᠋ ᠭᠠᠩ ᠬᠤᠨᠳᠠᠭᠠᠲᠤ ︾ ᠪᠦᠬᠦ ᠤᠯᠤᠰ ᠤᠨ ᠤᠷ᠎ᠠ ᠴᠢᠳᠠᠪᠤᠷᠢ ᠶᠢᠨ | ᠤᠷᠤᠯᠳᠤᠭᠠᠨ ᠳᠤ ᠪᠡᠯᠡᠳᠭᠡᠵᠦ ᠪᠠᠶᠢᠭᠰᠠᠨ ᠬᠤᠭᠤᠴᠠᠭᠠᠨ ᠳᠤ ᠲᠡᠷᠡ ︽ᠭᠤᠷᠪᠠᠨ ᠦᠩᠬᠡ ᠶᠢᠨ ᠲᠡᠮᠳᠡᠭᠯᠡᠬᠦ ᠠᠷᠭ᠎ᠠ | ︾ ᠶᠢ ᠡᠭᠦᠳᠪᠡ᠄ ᠬᠠᠷ᠎ᠠ ᠦᠩᠬᠡ ᠪᠠᠷ ᠠᠵᠢᠯ ᠤᠨ ᠭᠤᠤᠯᠳᠠᠯᠭ᠎ᠠ ᠶᠢ ᠳᠡᠮᠳᠡᠭᠯᠡᠵᠤ᠂ ᠤᠯᠠᠭᠠᠨ ᠦᠩᠬᠡ ᠪᠠᠷ | ᠠᠮᠠᠷᠬᠠᠨ ᠪᠤᠷᠤᠭᠤᠳᠠᠬᠤ ᠭᠤᠭᠴᠤᠭ᠎ᠠ ᠶᠢ ᠲᠣᠳᠣᠷᠬᠠᠶᠢᠯᠠᠵᠤ᠂ ᠬᠦᠬᠡ ᠦᠩᠬᠡ ᠪᠠᠷ ᠰᠠᠶᠢᠵᠢᠷᠠᠭᠤᠯᠬᠤ ᠲᠥᠰᠦᠯ ᠢ | ᠲᠡᠮᠳᠡᠭᠯᠡᠨ᠎ᠠ᠃ ᠭᠤᠷᠪᠠᠨ ᠰᠠᠷ᠎ᠠ ᠶᠢᠨ ᠳᠣᠲᠣᠷ᠎ᠠ᠂ ᠲᠡᠷᠡ ᠨᠡᠶᠢᠲᠡ 20 ᠲᠦᠮᠡᠨ ᠦᠰᠦᠭ ᠲᠠᠢ ᠰᠤᠷᠤᠯᠴᠠᠯᠭ᠎ᠠ ᠶᠢᠨ | ᠲᠡᠮᠳᠡᠭᠯᠡᠯ ᠢ 8 ᠳᠡᠪᠲᠡᠷ ᠡᠮᠬᠢᠳᠭᠡᠵᠦ᠂ ᠡᠴᠦᠰ ᠲᠡᠭᠡᠨ ᠤᠷᠤᠯᠳᠤᠭᠠᠨ ᠳᠤ ᠰᠢᠯᠢᠳᠡᠭ ᠬᠢᠷᠢ ᠪᠦᠲᠦᠮᠵᠢ ᠣᠯᠵᠠᠢ᠃ | ᠡᠨᠡ ᠬᠦ ᠪᠠᠷᠢᠮᠲᠠᠯᠠᠯ ᠨᠢ ᠮᠡᠷᠭᠡᠵᠢᠯ ᠤᠨ ᠰᠤᠷᠭᠠᠭᠤᠯᠢ ᠶᠢᠨ ᠰᠤᠷᠤᠯᠭ᠎ᠠ ᠶᠢᠨ ᠨᠠᠮᠲᠠᠷ ᠲᠠᠢ ᠲᠡᠭᠦᠨ ᠢ ᠤᠷᠢᠳ ᠬᠤᠵᠢᠳ | ᠳᠡᠭᠡᠳᠦ ᠮᠡᠷᠭᠡᠵᠢᠯᠳᠡᠨ᠂ ᠲᠡᠷᠢᠭᠦᠨ ᠮᠡᠷᠭᠡᠵᠢᠯᠳᠡᠨ ᠪᠤᠯᠭᠠᠵᠤ᠂ ︽ᠪᠤᠯᠤᠳ ᠲᠡᠮᠦᠷ ᠤᠨ ᠠᠵᠢᠯᠴᠢᠨ ︾ ᠠᠴᠠ ︽ | ᠪᠤᠯᠤᠳ ᠲᠡᠮᠦᠷ ᠤᠨ ᠤᠷᠠᠯᠢᠭᠴᠢᠨ ︾ ᠪᠤᠯᠭᠠᠪᠠ᠃ | 2023 ᠣᠨ ᠤ ᠬᠠᠪᠤᠷ᠂ ᠲᠡᠮᠦᠷ ᠵᠠᠮ ᠤᠨ ᠪᠤᠯᠤᠳ ᠤᠨ ᠹᠣᠰᠹᠣᠷ ᠤᠨ ᠠᠭᠤᠯᠤᠭᠳᠠᠴᠠ ᠶᠢᠨ ᠬᠡᠯᠪᠡᠯᠵᠡᠯ ᠤᠨ | ᠬᠦᠴᠢᠷ ᠠᠰᠠᠭᠤᠳᠠᠯ ᠪᠦᠬᠦ᠋ᠢᠯᠡ ᠦᠢᠯᠡᠳᠪᠦᠷᠢ ᠶᠢᠨ ᠲᠠᠰᠤᠭ ᠢ ᠭᠠᠴᠢᠭᠳᠠᠭᠤᠯᠪᠠ᠃ ᠰᠦᠨ ᠴᠧᠩ ᠪᠢ | ᠪᠦᠯᠬᠦᠮ ᠢᠶᠠᠨ ᠳᠠᠭᠠᠭᠤᠯᠤᠨ ᠡᠷᠭᠢᠯᠳᠦᠭᠡ ᠵᠤᠤᠬ᠎ᠠ ᠶᠢᠨ ᠡᠮᠦᠨ᠎ᠡ 72 ᠴᠠᠭ ᠰᠠᠬᠢᠵᠤ᠂ 300 ᠭᠠᠷᠤᠢ ᠪᠦᠯᠦᠭ | ᠳ᠋ᠠᠶᠢᠲ᠋ᠠ ᠶᠢ ᠲᠡᠮᠳᠡᠭᠯᠡᠪᠡ᠃ ᠰᠥᠨᠢ ᠳᠦᠯᠢ ᠪᠠᠷ ᠬᠤᠷᠠᠯ ᠤᠨ ᠭᠡᠷ ᠲᠤ᠂ ᠲᠡᠷᠡ ᠭᠡᠨᠡᠳᠲᠡ ᠣ᠊ ᠶᠢᠨ ᠪᠢᠷ ᠪᠠᠷᠢᠵᠤ | ᠰᠠᠮᠪᠠᠷ᠎ᠠ ᠳᠡᠭᠡᠷ᠎ᠡ CO ᠥᠳᠭᠡᠴᠡ ᠶᠢᠨ ᠮᠤᠷᠤᠶ ᠱᠤᠭᠤᠮ ᠵᠢᠷᠤᠵᠤ᠄ ︽ᠬᠠᠷᠠᠭᠠᠴᠢ᠂ ᠰᠢᠭᠠᠷᠤ ᠶᠢᠨ ᠤᠷᠪᠠᠯ ᠤᠨ | ᠵᠠᠩᠭᠢᠯᠠᠭ᠎ᠠ ᠨᠢ ᠠᠳᠡ ᠪᠤᠢ ︕︾ ᠭᠡᠪᠡ᠂ ︽CO ᠥᠳᠭᠡᠴᠡ ᠶᠢᠨ ᠮᠤᠷᠤᠶ ᠱᠤᠭᠤᠮ ᠢ ᠠᠰᠢᠭᠯᠠᠨ ᠡᠷᠭᠢᠯᠳᠦᠭᠡ | ᠵᠤᠤᠬ᠎ᠠ ᠶᠢᠨ ᠰᠢᠭᠠᠷᠤ ᠦᠢᠯᠡᠳᠬᠦ ᠶᠢ ᠬᠢᠨᠠᠨ ᠡᠵᠡᠮᠳᠡᠬᠦ ᠠᠷᠭ᠎ᠠ ︾ ᠮᠡᠨᠳᠦᠯᠡᠭᠰᠡᠨ ᠨᠢ ᠵᠢᠯ ᠪᠦᠷᠢ ᠠᠵᠤ | ᠠᠬᠤᠶᠢᠯᠠᠯ ᠳᠤ 2280 ᠲᠦᠮᠡᠨ ᠲᠥᠭᠦᠷᠢᠭ ᠠᠷᠪᠢᠯᠠᠵᠤ ᠥᠭᠴᠦ ᠪᠠᠶᠢᠨ᠎ᠠ᠃ ᠲᠣᠰ ᠦᠷ᠎ᠡ ᠪᠦᠲᠦᠭᠡᠯ ᠨᠢ ᠪᠥᠬᠦ | ᠤᠯᠤᠰ ᠤᠨ ᠪᠣᠯᠣᠳ ᠲᠡᠮᠦᠷ ᠤᠨ ᠠᠵᠢᠯ ᠲᠥᠷᠥᠯ ᠤᠨ ᠶᠠᠰᠤ ᠴᠢᠨᠠᠷ ᠤᠨ ᠦᠷ᠎ᠡ ᠪᠦᠲᠦᠭᠡᠯ ᠤᠨ ᠬᠤᠶᠠᠳᠤᠭᠠᠷ | ᠳᠡᠰ ᠤᠨ ᠱᠠᠩᠨᠠᠯ ᠵᠡᠷᠭᠡ ᠢᠷᠠᠭᠤ ᠠᠯᠳᠠᠷ ᠢ ᠵᠠᠯᠭᠠᠭ᠎ᠠ ᠪᠠᠷ ᠭᠥᠷᠳᠡᠵᠦ᠂ ᠠᠵᠢᠯ ᠨᠢᠭᠡᠲᠡᠨ ᠨᠢ᠄ ︽ᠡᠨᠡ ᠪᠣᠯ | ᠪᠣᠯᠣᠳ ᠪᠣᠯᠪᠠᠰᠤᠷᠠᠭᠤᠯᠬᠤ ᠶᠢ ᠨᠠᠷᠢᠯᠢᠭ ᠲᠤᠷᠰᠢᠯᠲᠠ ᠪᠣᠯᠭᠠᠨ ᠬᠤᠪᠢᠷᠠᠭᠤᠯᠵᠤ ᠪᠠᠶᠢᠭ᠎ᠠ ᠶᠠᠪᠤᠳᠠᠯ ᠮᠥᠨ ︾ ᠭᠡᠵᠦ | ᠭᠠᠶᠢᠬᠠᠰᠢ ᠠᠯᠳᠠᠪᠠ᠃ | ︽ᠡᠨᠧᠷᠭᠢ ᠶᠢᠨ ᠬᠤᠷᠣᠭᠳᠠᠯ ᠪᠠᠭ᠎ᠠ ᠲᠡᠮᠦᠷᠯᠢᠭ ᠬᠠᠶᠢᠯᠤᠭᠤᠯᠬᠤ ᠠᠷᠭ᠎ᠠ ︾ ᠶᠢᠨ ᠪᠣᠭᠤᠮᠲᠠ ᠰᠢᠪᠲᠤᠯᠬᠤ | ᠶᠠᠪᠤᠴᠠ ᠳᠤ᠂ ᠲᠡᠷᠡ ᠲᠣᠭᠠᠨ ᠤ ᠤᠬᠠᠭᠠᠨᠲᠠᠨ ᠰᠢᠭ ︽ᠲᠡᠮᠦᠷᠯᠢᠭ ᠪᠣᠯᠪᠠᠰᠤᠷᠠᠭᠤᠯᠬᠤ ᠴᠠᠭ᠂ ᠡᠨᠧᠷᠭᠢ ᠶᠢᠨ | ᠬᠤᠷᠣᠭᠳᠠᠯ ︾ ᠤᠨ ᠹᠦᠩᠺᠼ ᠤᠨ ᠵᠠᠭᠪᠤᠷ ᠢ ᠪᠠᠶᠢᠭᠤᠯᠪᠠ᠃ ᠬᠦᠴᠢᠯᠲᠥ᠋ᠷᠥᠭᠴᠢ ᠬᠠᠩᠭᠠᠬᠤ ᠬᠦᠴᠦᠯᠡᠴᠡ ᠶᠢ | ᠲᠣᠬᠢᠷᠠᠭᠤᠯᠬᠤ᠂ ᠵᠤᠤᠬ᠎ᠠ ᠶᠢᠨ ᠮᠠᠲ᠋ᠧᠷᠢᠶᠠᠯ ᠤᠨ ᠬᠠᠷᠢᠴᠠᠯ ᠢ ᠰᠢᠯᠢᠳᠡᠭᠵᠢᠭᠦᠯᠬᠦ ᠪᠠᠷ ᠳᠠᠮᠵᠢᠨ᠂ 150 ᠲᠣᠨ ᠤ | ᠡᠷᠭᠢᠯᠳᠦᠭᠡ ᠵᠤᠤᠬ᠎ᠠ ᠶᠢᠨ ᠲᠡᠮᠦᠷᠯᠢᠭ ᠪᠣᠯᠪᠠᠰᠤᠷᠠᠭᠤᠯᠬᠤ ᠴᠠᠭ ᠢ 37 ᠮᠢᠨᠦ᠋ᠲ 47 ᠰᠧᠺᠦ᠋ᠨ᠋ᠳ᠋ ᠪᠣᠯᠭᠠᠨ | ᠪᠣᠭᠤᠨᠢᠰᠬᠠᠵᠤ᠂ ᠡᠨᠡ ᠨᠢ ᠡᠳᠦᠷ ᠪᠦᠷᠢ ᠢᠯᠡᠭᠦᠦ ᠨᠢᠭᠡ ᠵᠤᠤᠬ᠎ᠠ ᠪᠣᠯᠣᠳ ᠪᠣᠯᠪᠠᠰᠤᠷᠠᠭᠤᠯᠤᠭᠰᠠᠨ ᠲᠠᠢ ᠲᠡᠩᠴᠡᠨ᠎ᠡ᠃ | ᠠᠵᠢᠯᠴᠢᠨ ᠨᠠᠶᠢᠵᠠ ᠨᠠᠷ ᠨᠢ ᠲᠡᠭᠦᠨ ᠢ ︽ᠠᠮᠢᠳᠤ ᠤᠷ᠎ᠠ ᠮᠡᠷᠭᠡᠵᠢᠯ ᠤᠨ ᠭᠠᠷ ᠳᠡᠪᠲᠡᠷ ︾ ᠭᠡᠵᠦ ᠬᠡᠯᠡᠬᠦ ᠳᠤ᠂ | ᠲᠡᠷᠡ ᠬᠠᠷᠢᠨ᠄ ︽ᠪᠢ ᠵᠥᠪᠬᠡᠨ ᠪᠣᠯᠵᠣᠯᠲᠤ ᠲᠤᠭ᠎ᠠ ᠨᠢᠭᠡᠪᠦᠷᠢ ᠶᠢ ᠨᠣᠲ ᠪᠣᠯᠭᠠᠵᠤ᠂ ᠪᠤᠯᠤᠳ ᠲᠡᠮᠦᠷ ᠤᠨ | ᠨᠠᠶᠢᠷᠠᠯ ᠬᠥᠭᠵᠢᠮ ᠠᠴᠠ ᠬᠠᠮᠤᠭ ᠤᠨ ᠭᠤᠶᠤ ᠠᠶᠢᠵᠠᠮ ᠢ ᠡᠷᠢᠵᠦ ᠪᠠᠶᠢᠨ᠎ᠠ ︾ ᠭᠡᠵᠦ ᠢᠨᠢᠶᠡᠮᠰᠦᠭᠯᠡᠨ ᠬᠡᠯᠡᠪᠡ᠃ | ︽ᠪᠠᠭᠰᠢ ᠶᠢᠨ ᠲᠡᠮᠳᠡᠭᠯᠡᠯ ᠤᠨ ᠳᠡᠪᠲᠡᠷ ᠵᠢᠷᠤᠮᠲᠤ ᠪᠠᠭᠠᠲᠤᠷ ᠤᠨ ᠨᠢᠭᠤᠴᠠ ᠨᠣᠮ ᠠᠴᠠ ᠴᠤ ᠡᠷᠬᠢᠮ ᠨᠠᠨᠳᠢᠨ | ᠶᠤᠮ ︾᠃ ᠱᠠᠪᠢ ᠸᠠᠩ ᠹᠧᠩ ᠹᠸᠢ᠂ ᠰᠦᠨ ᠴᠧᠩ ᠪᠢ ᠶᠢᠨ ᠤᠯᠠᠮᠵᠢᠯᠠᠭᠰᠠᠨ ︽ᠲᠠᠪᠤᠨ ᠠᠯᠬᠤᠮ ᠢᠶᠠᠷ | ᠤᠷᠤᠭᠰᠢᠯᠠᠬᠤ ᠠᠷᠭ᠎ᠠ ︾ ᠶᠢ ᠤᠳᠤ ᠪᠤᠯᠳᠠᠯ᠎ᠠ ᠴᠡᠭᠡᠵᠢᠯᠡᠵᠦ ᠪᠤᠢ᠄ ᠨᠢᠭᠡᠳᠦᠭᠡᠷ ᠠᠯᠬᠤᠮ ᠳᠤ ᠠᠵᠢᠯᠯᠠᠬᠤ | ᠶᠠᠪᠤᠴᠠ ᠶᠢᠨ ᠵᠢᠷᠤᠭ ᠢ ᠵᠢᠷᠤᠵᠤ᠂ ᠬᠤᠶᠠᠳᠤᠭᠠᠷ ᠠᠯᠬᠤᠮ ᠳᠤ ᠵᠠᠩᠭᠢᠯᠠᠭ᠎ᠠ ᠶᠢᠨ ᠡᠵᠡᠮᠳᠡᠬᠦ ᠴᠡᠭ ᠢ ᠲᠣᠳᠣᠷᠬᠠᠶᠢᠯᠠᠵᠤ | ᠂ ᠭᠤᠷᠪᠠᠳᠤᠭᠠᠷ ᠠᠯᠬᠤᠮ ᠳᠤ ᠬᠡᠪ ᠤᠨ ᠪᠤᠰᠤ ᠪᠠᠶᠢᠳᠠᠯ ᠢ ᠰᠢᠢᠳᠪᠦᠷᠢᠯᠡᠬᠦ ᠲᠥᠰᠦᠯ ᠢ ᠲᠡᠮᠳᠡᠭᠯᠡᠵᠦ᠂ ᠳᠥᠷᠪᠡᠳᠦᠭᠡᠷ | ᠠᠯᠬᠤᠮ ᠳᠤ ᠠᠷᠭ᠎ᠠ ᠵᠠᠮ ᠢ ᠳ᠋ᠦᠩᠨᠡᠨ ᠰᠢᠯᠢᠳᠡᠭᠵᠢᠭᠦᠯᠵᠦ᠂ ᠲᠠᠪᠤᠳᠤᠭᠠᠷ ᠠᠯᠬᠤᠮ ᠳᠤ ᠪᠠᠷᠢᠮᠵᠢᠶᠠᠵᠢᠭᠤᠯᠤᠭᠰᠠᠨ | ᠳᠦᠷᠢᠮ ᠢ ᠪᠦᠷᠢᠯᠳᠦᠭᠦᠯᠦᠨ᠎ᠡ᠃ ᠡᠨᠡ ᠬᠦ ᠢᠵᠢ ᠠᠷᠭ᠎ᠠ ᠨᠢ ᠨᠢᠭᠡᠨᠲᠡ 2 ᠳᠡᠭᠡᠳᠦ ᠲᠡᠰ ᠤᠨ ᠮᠠᠰᠲ᠋ᠧᠷ᠂ 5 | ᠮᠠᠰᠲ᠋ᠧᠷ ᠢ ᠬᠥᠮᠦᠵᠢᠭᠦᠯᠵᠦ᠂ 12 ᠱᠠᠪᠢ ᠶᠢ ᠴᠥᠮ ᠦᠢᠯᠡᠳᠪᠦᠷᠢᠯᠡᠯ ᠤᠨ ᠭᠤᠣᠯᠯᠠᠭᠴᠢ ᠬᠦᠴᠦᠨ ᠪᠣᠯᠭᠠᠪᠠ᠃ | ︽ᠰᠦᠨ ᠴᠧᠩ ᠪᠢ ᠬᠥᠳᠡᠯᠮᠦᠷᠢ ᠶᠢᠨ ᠵᠢᠱᠢᠶᠡᠴᠢ ᠶᠢᠨ ᠰᠢᠨ᠎ᠡ ᠶᠢ ᠡᠭᠦᠳᠬᠦ ᠠᠵᠢᠯᠯᠠᠬᠤ ᠲᠠᠰᠤᠭ ︾ ᠲᠤ᠂ | 11 ᠬᠤᠪᠢ ᠰᠢᠷᠠᠯᠠᠭᠰᠠᠨ ᠠᠵᠢᠯ ᠤᠨ ᠵᠢᠯᠣᠭᠤᠳᠬᠤ ᠪᠢᠴᠢᠭ ᠢ ᠳᠡᠯᠭᠡᠨ ᠦᠵᠡᠭᠦᠯᠵᠦ ᠪᠣᠶ᠃ ᠡᠭᠦᠨ ᠳᠤ 27 | ᠵᠢᠯ ᠤᠨ ᠲᠤᠷᠰᠢ ᠲᠣᠬᠢᠶᠠᠯᠳᠤᠭᠰᠠᠨ 167 ᠮᠡᠷᠭᠡᠵᠢᠯ ᠤᠨ ᠬᠦᠴᠢᠷ ᠠᠰᠠᠭᠤᠳᠠᠯ ᠵᠢᠴᠢ ᠰᠢᠢᠳᠪᠦᠷᠢᠯᠡᠬᠦ ᠲᠥᠰᠦᠯ ᠢ | ᠨᠠᠷᠢᠨ ᠲᠣᠳᠣᠷᠬᠠᠶ ᠲᠡᠮᠳᠡᠭᠯᠡᠵᠡᠶ᠃ ᠭᠠᠷᠠᠭ ᠪᠦᠷᠢ ᠶᠢᠨ ᠲᠦᠷᠪᠡᠨ ᠤ ︽ᠮᠡᠷᠭᠡᠵᠢᠯ ᠤᠨ ᠦᠳᠡᠰᠢ ᠶᠢᠨ ᠵᠣᠭᠤᠭ | ︾ ᠲᠤ᠂ ᠵᠠᠯᠠᠭᠤ ᠠᠵᠢᠯᠴᠢᠳ ᠲᠠᠭᠠᠨ ᠭᠡᠷᠡᠯ ᠵᠢᠭᠰᠠᠯ ᠤᠨ ᠳ᠋ᠠᠶᠢᠲ᠋ᠠ ᠶᠢ ᠵᠠᠳᠠᠯᠤᠨ ᠰᠢᠨᠵᠢᠯᠡᠨ ᠵᠢᠭᠠᠵᠤ ᠦᠭᠴᠦ | ᠪᠠᠶᠢᠬᠤ ᠶᠢ ᠣᠯᠵᠤ ᠬᠠᠷᠠᠳᠠᠭ᠃ ᠵᠠᠷᠢᠮ ᠬᠥᠮᠦᠨ ᠲᠡᠭᠦᠨ ᠠᠴᠠ ᠶᠠᠭᠤᠨ ᠳᠤ ᠬᠠᠷᠠᠮ ᠦᠭᠡᠢ ᠵᠢᠭᠠᠳᠠᠭ ᠪᠣᠶ ᠭᠡᠵᠦ | ᠠᠰᠠᠭᠤᠭᠰᠠᠨ ᠳᠤ᠂ ᠲᠡᠷᠡ ᠬᠡᠷᠡᠮ ᠳᠡᠭᠡᠷᠡᠬᠢ ︽ᠪᠣᠯᠣᠳ ᠲᠡᠮᠦᠷ ᠤᠨ ᠦᠢᠯᠡᠰ ᠡᠬᠡ ᠤᠯᠤᠰ ᠤᠨ ᠢᠶᠠᠨ ᠲᠥᠯᠥᠭᠡ | ᠵᠢᠳᠬᠦᠨ᠎ᠡ ︾ ᠭᠡᠰᠡᠨ ᠬᠥᠨᠳᠡᠯᠡᠨ ᠪᠢᠴᠢᠭᠡᠰᠦ ᠶᠢ ᠵᠢᠭᠠᠵᠤ᠄ ︽ᠨᠢᠭᠡ ᠬᠥᠮᠦᠨ ᠤ ᠭᠠᠯ ᠤᠨ ᠲᠥᠯᠦ ᠵᠥᠪᠬᠡᠨ | ᠥᠪᠡᠷ ᠢ ᠪᠠᠨ ᠳᠤᠯᠠᠭᠠᠴᠠᠭᠤᠯᠵᠤ᠂ ᠲᠦᠭ ᠲᠦᠮᠡᠨ ᠬᠥᠮᠦᠨ ᠤ ᠭᠠᠯ ᠪᠠᠮᠪᠠᠷ ᠰᠠᠶ᠋ᠢ ᠢᠷᠡᠭᠡᠳᠦᠶ ᠶᠢ ᠭᠡᠷᠡᠯᠲᠦᠭᠦᠯᠵᠦ | ᠴᠢᠳᠠᠨ᠎ᠠ ︾ ᠭᠡᠪᠡ᠃ | 2021 ᠣᠨ ᠤ ︽5 · 1︾ ᠤ ᠳᠡᠯᠡᠬᠡᠶ ᠶᠢᠨ ᠬᠥᠳᠡᠯᠮᠦᠷᠢᠴᠢᠳ ᠤᠨ ᠪᠠᠶᠠᠷ ᠠᠴᠠ ᠡᠮᠦᠨᠡᠬᠡᠨ᠂ ᠰᠦᠨ | ᠴᠧᠩ ᠪᠢ ᠥᠪᠡᠷᠲᠡᠭᠡᠨ ᠵᠠᠰᠠᠬᠤ ᠣᠷᠣᠨ ᠤ ︽5 · 1︾ ᠤ ᠬᠥᠳᠡᠯᠮᠦᠷᠢ ᠶᠢᠨ ᠱᠠᠩᠨᠠᠯ ᠤᠨ ᠲᠡᠮᠳᠡᠭ ᠢ ᠵᠡᠭᠦᠪᠡ᠃ | ᠪᠣᠯᠣᠳ ᠲᠡᠮᠦᠷ ᠤᠨ ᠦᠢᠯᠡᠰ ᠲᠤ ᠬᠠᠭᠠᠰ ᠨᠠᠰᠤ ᠪᠠᠨ ᠵᠤᠷᠢᠭᠤᠯᠤᠭᠰᠠᠨ ᠲᠡᠷᠡ᠄ ︽ᠪᠢ ᠪᠣᠯ ᠪᠣᠯᠣᠳ | ᠪᠣᠯᠪᠠᠰᠤᠷᠠᠭᠤᠯᠳᠠᠭ ᠬᠥᠮᠦᠨ᠂ ᠵᠤᠤᠬ᠎ᠠ ᠰᠠᠶᠢᠨ ᠪᠤᠯᠪᠠᠯ ᠰᠠᠶ᠋ᠢ ᠰᠠᠶᠢᠨ ᠪᠤᠯᠤᠳ ᠪᠤᠯᠪᠠᠰᠤᠷᠠᠭᠤᠯᠵᠦ ᠴᠢᠳᠠᠨ᠎ᠠ ︾ | ᠭᠡᠪᠡ᠃ ᠪᠣᠷᠣᠭᠵᠢᠭᠤᠨ ᠦᠭᠡᠨ ᠤ ᠬᠢᠨᠢ ᠠᠷᠤ ᠳᠤ᠂ ᠲᠡᠭᠦᠨ ᠤ 27 ᠵᠢᠯ ᠢ ᠨᠢᠭᠡᠯᠡ ᠡᠳᠦᠷ ᠮᠡᠳᠦ ᠪᠠᠷ 1 ᠴᠠᠭ | ᠤᠷᠢᠳᠴᠢᠯᠠᠨ ᠠᠵᠢᠯ ᠤᠨ ᠪᠠᠶᠢᠷᠢ ᠳᠠᠭᠠᠨ ᠬᠦᠷᠳᠡᠭ ᠵᠠᠩᠰᠢᠯ ᠪᠤᠢ᠂ ᠭᠠᠷ ᠤᠲᠠᠰᠤᠨ ᠳᠤᠨᠢ ᠭᠡᠷ ᠤᠨ ᠬᠥᠮᠦᠰ ᠤᠨ | ᠭᠡᠷᠡᠯ ᠵᠢᠷᠤᠭ ᠪᠢᠰᠢ᠂ ᠬᠠᠷᠢᠨ ᠪᠤᠯᠤᠳ ᠡᠭᠦᠰᠭᠡᠭᠦᠷ ᠤᠨ ᠲᠤᠬᠠᠢ ᠰᠡᠭᠦᠳᠡᠷ ᠵᠢᠷᠤᠭ ᠪᠠᠶᠢᠭ᠎ᠠ ᠬᠠᠷᠠᠮᠰᠠᠯ ᠪᠤᠢ᠂ | ᠬᠠᠶᠠᠬᠤ ᠠᠴᠠ ᠪᠠᠨ ᠲᠦᠪᠡᠭᠳᠡᠵᠦ ᠪᠠᠶᠢᠭ᠎ᠠ ᠪᠤᠯᠤᠳ ᠤᠨ ᠤᠴᠢ ᠳᠤ ᠰᠢᠳᠠᠭᠰᠠᠨ ᠴᠤᠭᠤᠷᠬᠠᠢ ᠠᠵᠢᠯ ᠤᠨ | ᠬᠤᠪᠴᠠᠰᠤ ᠪᠤᠢ᠃ | ᠡᠷᠭᠢᠯᠳᠦᠭᠡ ᠵᠤᠤᠬ᠎ᠠ ᠶᠢᠨ ᠤᠶᠤᠨᠲᠤ ᠥᠭᠡᠷᠡᠴᠢᠯᠡᠯᠲᠡ ᠶᠢᠨ ᠵᠠᠩᠭᠢᠯᠠᠭ᠎ᠠ ᠶᠢᠨ ᠬᠤᠭᠤᠴᠠᠭᠠᠨ ᠳᠤ᠂ ᠲᠡᠭᠦᠨ ᠤ | ᠲᠦᠷᠦᠭᠦᠯᠡᠨ ᠰᠤᠳᠤᠯᠤᠨ ᠦᠢᠯᠡᠳᠦᠭᠰᠡᠨ ︽ᠨᠢᠭᠡ ᠳᠠᠷᠤᠪᠴᠢ ᠪᠠᠷ ᠪᠤᠯᠤᠳ ᠪᠣᠯᠪᠠᠰᠤᠷᠠᠭᠤᠯᠬᠤ ᠤᠶᠤᠨᠲᠤ | ᠵᠠᠭᠪᠤᠷ ᠤᠨ ᠰᠢᠰᠲ᠋ᠧᠮ ︾ ᠨᠢ ᠠᠬᠠᠮᠠᠳ ᠪᠠᠭᠰᠢ ᠶᠢᠨ ᠲᠤᠷᠰᠢᠯᠭ᠎ᠠ ᠶᠢ ᠳ᠋ᠠᠶᠢᠲ᠋ᠠ ᠶᠢᠨ ᠵᠠᠭᠪᠤᠷ ᠪᠣᠯᠭᠠᠨ | ᠬᠤᠪᠢᠷᠠᠭᠤᠯᠪᠠ᠃ ᠵᠠᠯᠠᠭᠤ ᠮᠡᠷᠭᠡᠵᠢᠯᠲᠡᠨ AI ᠳᠤ ᠣᠷᠣᠯᠠᠭᠳᠠᠬᠤ ᠠᠴᠠ ᠵᠣᠪᠠᠵᠤ ᠪᠠᠶᠢᠬᠤ ᠦᠶ᠎ᠡ ᠳᠤ᠂ ᠲᠡᠷᠡ᠄ ︽ | ᠮᠠᠰᠢᠨ ᠢᠶᠠᠷ ᠬᠠᠮᠤᠭ ᠤᠨ ᠰᠢᠯᠢᠳᠡᠭ ᠪᠤᠯᠵᠤᠯᠳᠦ ᠲᠤᠭ᠎ᠠ ᠶᠢ ᠪᠤᠳᠤᠵᠤ ᠭᠠᠷᠭᠠᠵᠤ ᠴᠢᠳᠠᠨ᠎ᠠ᠂ ᠭᠡᠪᠡᠴᠦ ᠪᠤᠯᠤᠳ | ᠲᠡᠮᠦᠷ ᠤᠨ ᠳᠤᠯᠠᠭᠠᠴᠠ ᠶᠢ ᠪᠤᠳᠤᠵᠤ ᠭᠠᠷᠭᠠᠵᠤ ᠳᠡᠶᠢᠯᠬᠦ ᠦᠭᠡᠢ᠃ ᠮᠠᠨ ᠤ ᠪᠤᠯᠤᠳ ᠪᠣᠯᠪᠠᠰᠤᠷᠠᠭᠤᠯᠤᠬᠴᠢᠳ | ᠳᠠᠷᠤᠶ ᠲᠣᠭᠠᠴᠢᠯᠠᠭᠰᠠᠨ ᠴᠠᠭ ᠦᠶ᠎ᠡ ᠳᠤ ᠠᠵᠤ ᠦᠢᠯᠡᠳᠪᠦᠷᠢ ᠶᠢᠨ ᠳᠤᠯᠠᠭᠠᠴᠠ ᠶᠢ ᠰᠠᠬᠢᠵᠤ ᠪᠠᠶᠢᠨ᠎ᠠ ︾ ᠭᠡᠵᠤ | ᠢᠳᠡᠭᠡᠯ ᠲᠦᠬᠦᠷᠡᠩ ᠬᠡᠯᠡᠪᠡ᠃ | ᠡᠨᠡ ᠵᠢᠯ ᠤᠨ ︽5 · 1︾ ᠤ ᠳᠡᠯᠡᠬᠡᠢ ᠶᠢᠨ ᠬᠥᠳᠡᠯᠮᠦᠷᠢᠴᠢᠳ ᠤᠨ ᠪᠠᠶᠠᠷ ᠠᠴᠠ ᠡᠮᠦᠨᠡᠬᠡᠨ᠂ ᠰᠦᠨ ᠴᠧᠩ | ᠪᠢ ᠥᠪᠡᠷᠲᠡᠭᠡᠨ ᠵᠠᠰᠠᠬᠤ ᠣᠷᠣᠨ ᠤ ᠬᠥᠳᠡᠯᠮᠦᠷᠢ ᠶᠢᠨ ᠵᠢᠱᠢᠶᠡᠴᠢ ᠶᠢᠨ ᠢᠷᠠᠭᠤ ᠠᠯᠳᠠᠷ ᠢ ᠬᠦᠷᠲᠡᠪᠡ᠃ ᠵᠤᠤᠬᠠᠨ ᠤ | ᠭᠠᠯ ᠳᠦᠷᠡᠯᠵᠡᠨ ᠨᠣᠴᠣᠵᠤ᠂ ᠲᠡᠭᠦᠨ ᠤ ᠡᠩᠭᠡᠷ ᠳᠡᠭᠡᠷᠡᠬᠢ ᠬᠥᠳᠡᠯᠮᠦᠷᠢ ᠶᠢᠨ ᠵᠢᠱᠢᠶᠡᠴᠢ ᠶᠢᠨ ᠱᠠᠩᠨᠠᠯ ᠤᠨ | ᠳᠡᠮᠳᠡᠭ ᠢ ᠬᠡᠷᠡᠯᠳᠤᠬᠦᠯᠵᠤ ᠪᠠᠶᠢᠯ᠎ᠠ᠃ ᠰᠤᠷᠪᠤᠯᠵᠢᠯᠠᠭᠴᠢ 3 ᠵᠢᠯ ᠤᠨ ᠳᠣᠲᠣᠷᠠᠬᠢ ᠬᠠᠮᠤᠭ ᠤᠨ ᠶᠡᠭᠡ | ᠬᠤᠪᠢᠷᠠᠯᠲᠠ ᠶᠢ ᠨᠢ ᠠᠰᠠᠭᠤᠬᠤ ᠳᠤ᠂ ᠡᠨᠡ ᠬᠦ ᠪᠤᠯᠤᠳ ᠲᠡᠮᠤᠷ ᠤᠨ ᠲᠠᠷᠬᠠᠨ ᠦᠢᠯᠡᠳᠪᠦᠷᠢ ᠶᠢᠨ ᠭᠡᠷ ᠤᠨ ᠭᠠᠳᠠᠨ᠎ᠠ | ᠨᠠᠮᠢᠷᠠᠵᠤ ᠪᠠᠶᠢᠭ᠎ᠠ ᠤᠯᠠᠭᠠᠨ ᠲᠤᠬ ᠢ ᠵᠢᠭᠠᠵᠤ᠄ ︽ᠤᠤᠯ ᠨᠢ ᠪᠢ ᠮᠡᠷᠭᠡᠵᠢᠯ ᠢ ᠬᠥᠭᠡᠭᠡᠴᠡᠯᠳᠦᠨ ᠭᠦᠶᠦᠵᠦ | ᠪᠠᠶᠢᠵᠠᠢ᠂ ᠤᠳᠤ ᠪᠢ ᠵᠠᠯᠠᠭᠤᠴᠤᠳ ᠢ ᠳᠠᠭᠠᠭᠤᠯᠤᠨ ᠰᠢᠨ᠎ᠡ ᠶᠢ ᠡᠭᠦᠳᠬᠦ ᠶᠢ ᠰᠦᠪᠡᠭᠴᠢᠯᠡᠵᠤ ᠪᠠᠶᠢᠨ᠎ᠠ ︾ ᠭᠡᠪᠡ᠃ | ︽ᠰᠦᠨ ᠴᠧᠩ ᠪᠢ ᠬᠥᠳᠡᠯᠮᠦᠷᠢ ᠶᠢᠨ ᠵᠢᠱᠢᠶᠡᠴᠢ ᠶᠢᠨ ᠰᠢᠨ᠎ᠡ ᠶᠢ ᠡᠭᠦᠳᠬᠦ ᠠᠵᠢᠯᠯᠠᠬᠤ ᠲᠠᠰᠤᠭ ︾ ᠤᠨ | ᠳᠠᠭᠠᠭᠤᠯᠤᠭᠴᠢ ᠪᠣᠯᠤᠭᠰᠠᠨ ᠤ ᠬᠤᠪᠢ ᠳᠤ᠂ ᠲᠡᠳᠡᠨ ᠤ ᠪᠦᠯᠬᠦᠮ ᠤᠨ ᠡᠭᠦᠷᠭᠡᠯᠡᠵᠦ ᠪᠠᠶᠢᠭ᠎ᠠ ᠬᠤᠶᠠᠷ ᠲᠦᠷᠦᠯ | ᠵᠦᠢᠯ ᠤᠳᠠᠯ ᠦᠭᠡᠢ ᠦᠷ᠎ᠡ ᠪᠦᠲᠦᠭᠡᠯ ᠤᠯᠬᠤ ᠭᠡᠵᠦ ᠪᠤᠢ᠂ ᠲᠠᠰᠤᠷᠠᠯᠳᠠ ᠦᠭᠡᠢ ᠬᠤᠪᠢᠷᠠᠵᠤ ᠪᠠᠶᠢᠭ᠎ᠠ ᠲᠤᠭ᠎ᠠ | ᠪᠠᠷᠢᠮᠲᠠ ᠨᠢ ᠰᠦᠨ ᠴᠧᠩ ᠪᠢ ᠶᠢᠨ ᠡᠨᠡ ᠬᠦ ᠲᠦᠷᠦᠭᠳᠡᠯ ᠢ ᠭᠡᠷᠡᠴᠢᠯᠡᠵᠦ ᠪᠠᠶᠢᠨ᠎ᠠ᠃ ︽ᠲᠡᠮᠦᠷ ᠠᠭᠤᠯᠬᠤ | ᠬᠡᠮᠵᠢᠶ᠎ᠡ ᠶᠢ ᠲᠣᠬᠢᠷᠠᠭᠤᠯᠤᠨ ᠰᠠᠶᠢᠵᠢᠷᠠᠭᠤᠯᠬᠤ ︾ ᠲᠥᠷᠥᠯ ᠵᠦᠢᠯ ᠤᠨ ᠡᠭᠦᠳᠦᠨ ᠪᠦᠲᠦᠭᠡᠭᠰᠡᠨ 660 ᠲᠦᠮᠡᠨ | ᠲᠥᠭᠦᠷᠢᠭ ᠤᠨ ᠵᠢᠯ ᠤᠨ ᠦᠷ᠎ᠡ ᠠᠰᠢᠭ ᠪᠣᠯᠤᠨ ︽ᠤᠯᠠᠶᠢᠯᠭᠠᠬᠰᠡᠨ ᠡᠭᠦᠯᠡᠨ ᠴᠠᠭᠠᠨ ᠴᠢᠯᠠᠭᠤ ᠶᠢᠨ | ᠣᠷᠣᠯᠠᠭᠤᠯᠤᠯᠲᠠ ᠶᠢ ᠰᠢᠯᠢᠳᠡᠭᠵᠢᠭᠦᠯᠬᠦ ︾ ᠲᠥᠷᠥᠯ ᠵᠦᠢᠯ ᠤᠨ ᠠᠪᠴᠢᠷᠠᠭᠰᠠᠨ ᠵᠤᠤᠬ᠎ᠠ ᠶᠢᠨ ᠭᠡᠷᠡᠭᠯᠡᠬᠦ | ᠬᠤᠭᠤᠴᠠᠭ᠎ᠠ ᠶᠢᠨ ᠳᠡᠭᠡᠭᠰᠢᠯᠡᠯᠲᠡ ᠶᠢᠨ ᠮᠤᠷᠤᠶ ᠱᠤᠭᠤᠮ ᠨᠢ ᠶᠠᠭ ᠬᠤᠶᠠᠷ ᠰᠠᠯᠠᠭ᠎ᠠ ᠣᠷᠭᠢᠯᠣᠨ ᠳᠠᠪᠠᠯᠭᠠᠯᠠᠵᠤ | ᠪᠠᠶᠢᠭ᠎ᠠ ᠬᠠᠶᠢᠯᠤᠮᠠᠯ ᠪᠤᠯᠤᠳ ᠲᠠᠢ ᠠᠳᠠᠯᠢ ᠪᠠᠶᠢᠵᠤ᠂ ᠣᠶᠤᠨᠴᠢ ᠪᠠᠷ ᠪᠣᠯᠣᠳ ᠪᠣᠯᠪᠠᠰᠤᠷᠠᠭᠤᠯᠬᠤ ᠵᠢᠷᠤᠭ ᠲᠥᠰᠦᠪ | ᠳᠡᠭᠡᠷ᠎ᠡ ᠰᠢᠨ᠎ᠡ ᠣᠷᠣᠨ ᠪᠠᠶᠢᠷᠢ ᠶᠢ ᠴᠣᠭᠴᠠᠯᠠᠪᠠ᠃ | 8 ᠳ᠋ᠤᠭᠠᠷ ᠨᠣᠮᠧᠷᠲᠤ ᠡᠷᠭᠢᠯᠳᠦᠭᠡ ᠵᠤᠤᠬ᠎ᠠ ᠶᠢᠨ ᠠᠵᠢᠯᠯᠠᠬᠤ ᠲᠠᠰᠤᠭ ᠲᠤ᠂ ᠤᠶᠤᠨᠲᠤ ᠲᠤᠬᠢᠷᠠᠭᠤᠯᠭ᠎ᠠ ᠶᠢᠨ | ᠵᠠᠭᠪᠤᠷ ᠤᠨ ᠪᠤᠯᠵᠤᠯᠳᠦ ᠲᠤᠭ᠎ᠠ ᠨᠢ ᠮᠥᠨ ᠬᠦ ᠦᠷᠭᠦᠯᠵᠢᠯᠡᠨ ᠳᠠᠪᠲᠠᠨ ᠣᠷᠣᠯᠠᠭᠳᠠᠭᠰᠠᠭᠠᠷ ᠪᠠᠶᠢᠯ᠎ᠠ᠃ ᠰᠦᠨ | ᠴᠧᠩ ᠪᠢ ︽ᠬᠥᠳᠡᠯᠮᠦᠷᠢ ᠶᠢᠨ ᠵᠢᠱᠢᠶᠡᠴᠢ ᠶᠢᠨ ᠰᠢᠨ᠎ᠡ ᠶᠢ ᠡᠭᠦᠳᠬᠦ ᠠᠵᠢᠯᠯᠠᠬᠤ ᠲᠠᠰᠤᠭ ︾ ᠭᠡᠬᠦ ᠦᠰᠦᠭ ᠢ | ᠳᠠᠨᠢᠯᠴᠠᠭᠤᠯᠤᠨ ᠥᠩᠭᠡᠷᠡᠬᠦ ᠭᠱᠠᠨ ᠳᠤ᠂ ᠬᠢᠨᠠᠨ ᠡᠵᠡᠮᠳᠡᠬᠦ ᠳᠡᠯᠭᠡᠴᠡ ᠳᠤ ᠬᠠᠶᠢᠯᠤᠮᠠᠯ ᠪᠤᠯᠤᠳ ᠠᠴᠠ ᠦᠯᠢᠭᠡᠷ | ᠶᠠᠩᠵᠤ ᠠᠪᠬᠤ ᠦᠶ᠎ᠡ ᠶᠢᠨ ᠬᠢᠯᠠᠯᠵᠠᠬᠰᠠᠨ ᠬᠤᠷᠤᠮ ᠢ ᠣᠯᠵᠤ ᠬᠠᠷᠠᠯ᠎ᠠ — ᠲᠡᠷᠡ ᠨᠢ ᠤᠨᠤᠴᠠᠳᠠᠢ ᠪᠤᠳᠤᠵᠦ | ᠭᠠᠷᠭᠠᠭᠰᠠᠨ ᠮᠠᠩᠭᠠᠨ ᠤ ᠳᠡᠯᠭᠡᠷᠡᠯᠲᠡ ᠪᠣᠯᠤᠨ᠎ᠠ᠂ ᠮᠥᠨ ᠴᠦ ᠡᠨᠡ ᠬᠦ ᠲᠠᠯ᠎ᠠ ᠨᠤᠲᠤᠭ ᠤᠨ ᠪᠤᠯᠤᠳ ᠤᠨ | ᠬᠤᠳᠠ ᠶᠢᠨ ᠤᠷᠠᠨ ᠳᠠᠷᠬᠠᠨ ᠤ ᠵᠣᠷᠢᠭ ᠰᠠᠨᠠᠭ᠎ᠠ ᠮᠡᠲᠦ᠂ ᠣᠨ ᠵᠢᠯ ᠤᠨ ᠳᠠᠪᠲᠠᠯᠲᠠ ᠶᠢ ᠥᠩᠭᠡᠷᠡᠭᠡᠭᠡᠳ | ᠤᠯᠠᠮ ᠠᠴᠠ ᠤᠯᠠᠮ ᠭᠡᠷᠡᠯ ᠭᠢᠯᠪᠠᠭ᠎ᠠ ᠰᠠᠴᠤᠷᠠᠭᠤᠯᠤᠨ᠎ᠠ᠃ ᠪᠤᠯᠤᠳ ᠭᠠᠷᠭᠠᠬᠤ ᠬᠤᠩᠬᠤ ᠶᠢᠨ ᠲᠠᠭᠤᠨ ᠪᠣᠯᠤᠨ | ᠬᠥᠳᠡᠯᠮᠦᠷᠢ ᠶᠢᠨ ᠵᠢᠱᠢᠶᠡᠴᠢ ᠶᠢᠨ ᠠᠵᠢᠯᠯᠠᠬᠤ ᠲᠠᠰᠤᠬ ᠤᠨ ᠳᠠᠷᠤᠪᠴᠢ ᠶᠢᠨ ᠲᠡᠪᠠᠬ ᠤᠨ ᠲᠠᠭᠤᠨ ᠴᠤᠤᠷᠢᠶᠠᠲᠤᠬᠤ | ᠦᠶ᠎ᠡ ᠳᠤ᠂ ᠰᠢᠨ᠎ᠡ ᠴᠠᠭ ᠦᠶ᠎ᠡ ᠶᠢᠨ ᠪᠤᠯᠤᠳ ᠪᠤᠯᠪᠠᠰᠤᠷᠠᠭᠤᠯᠤᠬᠴᠢᠳ ᠤᠨ ᠦᠯᠢᠬᠡᠷ ᠶᠠᠭ ᠭᠠᠯ ᠬᠠᠯᠠᠭᠤᠨ | ᠪᠤᠯᠤᠳ ᠤᠨ ᠳᠤᠮᠳᠠ ᠰᠢᠨ᠎ᠡ ᠬᠠᠭᠤᠳᠠᠰᠤ ᠶᠢ ᠦᠷᠭᠦᠯᠵᠢᠯᠡᠨ ᠪᠢᠴᠢᠭᠯᠡᠵᠦ ᠪᠠᠶᠢᠬᠤ ᠮᠡᠳᠤ ᠰᠠᠨᠠᠭᠳᠠᠨ᠎ᠠ᠃ | ᠪᠣᠯᠣᠳ ᠤᠨ ᠣᠴᠢ ᠦᠰᠦᠷᠬᠢᠯᠡᠨ᠂ ᠰᠦᠨ ᠴᠧᠩ ᠪᠢ ᠡᠳᠦᠷ ᠪᠦᠷᠢ ᠡᠷᠭᠢᠯᠳᠦᠭᠡ ᠵᠤᠤᠬ᠎ᠠ ᠶᠢᠨ ᠬᠤᠭᠤᠷᠣᠨᠳᠣ | ᠰᠦᠯᠵᠢᠯᠳᠦᠨ᠎ᠡ᠃ ᠳᠡᠷᠡ ᠪᠠᠷ ᠡᠪᠡᠷᠰᠢᠭᠰᠡᠨ ᠬᠤᠶᠠᠷ ᠭᠠᠷ ᠢᠶᠠᠷ ᠢᠶᠠᠨ ᠳ᠋ᠦᠩᠰᠢᠭᠤᠷ ᠭᠠᠷᠤᠢ ᠲᠦᠬᠦᠷᠢᠭ ᠤᠨ | ᠦᠷᠳᠡᠭ ᠪᠦᠬᠦᠢ ᠪᠤᠯᠤᠳ ᠪᠣᠯᠪᠠᠰᠤᠷᠠᠭᠤᠯᠬᠤ ᠲᠥᠬᠦᠭᠡᠷᠦᠮᠵᠢ ᠶᠢ ᠣᠨᠣᠪᠴᠢᠲᠠᠢ ᠡᠵᠡᠮᠳᠡᠬᠦ ᠳᠡᠳᠤᠢ ᠦᠭᠡᠢ ᠪᠠᠰᠠ | ᠱᠠᠪᠢ ᠨᠠᠷ ᠤᠨ ᠢᠶᠠᠨ ᠨᠢᠳᠦ ᠬᠠᠮᠠᠭᠠᠯᠠᠬᠤ ᠰᠢᠯ ᠳᠡᠭᠡᠷᠡᠬᠢ ᠪᠤᠯᠤᠳ ᠤᠨ ᠰᠢᠭᠠᠷᠤ ᠶᠢ ᠬᠥᠩᠭᠡᠬᠡᠨ ᠠᠷᠴᠢᠵᠤ | ᠥᠭᠬᠦᠨ᠎ᠠ᠃ ᠲᠡᠭᠦᠨ ᠤ ᠪᠡᠶ᠎ᠡ ᠳᠡᠭᠡᠷ᠎ᠡ ᠠᠴᠠ᠂ ᠰᠢᠨ᠎ᠡ ᠴᠠᠭ ᠦᠶ᠎ᠡ ᠶᠢᠨ ᠠᠵᠤ ᠦᠢᠯᠡᠰ ᠤᠨ ᠠᠵᠢᠯᠴᠢᠨ ᠤ | ᠬᠠᠮᠤᠭ ᠤᠨ ᠰᠡᠳᠭᠢᠯ ᠬᠥᠳᠡᠯᠭᠡᠮ᠎ᠡ ᠲᠦᠷᠢ ᠲᠥᠷᠬᠦ — ᠤᠷᠠᠨ ᠲᠠᠷᠬᠠᠨ ᠤ ᠵᠤᠷᠢᠭ ᠰᠠᠨᠠᠭ᠎ᠠ ᠪᠠᠷ ᠳᠥᠰᠢ | ᠪᠣᠯᠭᠠᠵᠤ᠂ ᠰᠢᠨ᠎ᠡ ᠶᠢ ᠡᠭᠦᠳᠬᠦ ᠪᠠᠷ ᠠᠯᠤᠬ᠎ᠠ ᠪᠣᠯᠭᠠᠵᠤ᠂ ᠪᠤᠯᠤᠳ ᠪᠣᠯᠤᠨ ᠭᠠᠯ ᠤᠨ ᠳᠠᠪᠲᠠᠯᠲᠠ ᠳᠤᠮᠳᠠ᠂ | ᠳᠤᠮᠳᠠᠳᠤ ᠤᠯᠤᠰ ᠤᠨ ᠦᠢᠯᠡᠳᠭᠡᠯ ᠤᠨ ᠬᠠᠳᠠᠨ ᠵᠣᠷᠢᠭ ᠢ ᠳᠠᠪᠲᠠᠨ ᠪᠣᠯᠪᠠᠰᠤᠷᠠᠭᠤᠯᠵᠤ ᠪᠠᠶᠢᠬᠤ ᠨᠢ ᠢᠯᠡᠭᠡᠨ | ᠬᠠᠷᠠᠭᠳᠠᠨ᠎ᠠ᠃ |