︽5.1︾ ᠤ ᠠᠮᠠᠷᠠᠯᠲᠠ ᠶᠢᠨ ᠬᠤᠭᠤᠴᠠᠭᠠᠨ ᠳᠤ ᠭᠠᠳᠠᠭᠰᠢ ᠭᠠᠷᠬᠤ ᠳᠤ ᠡᠳᠡᠭᠡᠷ ᠶᠠᠭᠤᠮ᠎ᠠ ᠶᠢ ᠭᠠᠯᠲᠤ ᠲᠡᠷᠭᠡᠨ ᠳᠤ ᠠᠪᠴᠤ ᠭᠠᠷᠴᠤ ᠪᠣᠯᠬᠤ ᠦᠭᠡᠢ
ᠨᠡᠶᠢᠲᠡᠯᠡᠭᠰᠡᠨ ᠴᠠᠭ᠄
2025/4/29
   ᠬᠥᠮᠥᠰᠬᠡ ᠵᠠᠰᠠᠬᠤ ᠬᠢᠲᠤᠭ᠎ᠠ᠂ ᠵᠢᠵᠢᠭ ᠬᠠᠶᠢᠴᠢ    60 ᠮᠢᠯᠢᠮᠧᠲᠷ ᠠᠴᠠ ᠤᠷᠳᠤ ᠬᠥᠮᠥᠰᠬᠡ ᠵᠠᠰᠠᠬᠤ ᠬᠢᠲᠤᠭ᠎ᠠ᠂ ᠵᠢᠵᠢᠭ ᠬᠠᠶᠢᠴᠢ ᠶᠢ ᠪᠡᠶ᠎ᠡ ᠳᠡᠭᠡᠨ ᠠᠪᠴᠤ ᠶᠠᠪᠤᠵᠤ ᠪᠣᠯᠬᠤ ᠦᠭᠡᠢ᠂ ᠨᠠᠶᠢᠳᠠᠨ ᠲᠡᠭᠡᠭᠡᠪᠦᠷᠢᠯᠡᠭᠦᠯᠵᠦ ᠪᠣᠯᠤᠨ᠎ᠠ᠃    ᠠᠷᠢᠭᠤᠳᠬᠠᠬᠤ ᠰᠫᠢᠷᠲ    ᠰᠫᠢᠷᠲ ᠤᠨ ᠡᠵᠡᠯᠡᠬᠦᠨ ᠤ ᠵᠠᠭᠤᠨ ᠬᠤᠪᠢ ᠶᠢᠨ ᠠᠭᠤᠯᠤᠭᠳᠠᠴᠠ ᠨᠢ > 70 %᠂ ᠢᠯᠡᠷᠭᠡᠶᠢᠯᠡᠯ ᠲᠡᠮᠳᠡᠭ  ᠨᠢ ᠲᠣᠳᠣᠷᠬᠠᠶ ᠥᠬᠡᠶ ᠠᠷᠢᠬᠢᠨ ᠤ ᠵᠤᠶᠢᠯ ᠤᠮᠳᠠᠭᠠᠨ ᠢ ᠨᠠᠶᠢᠳᠠᠨ ᠲᠡᠭᠡᠭᠡᠪᠦᠷᠢᠯᠡᠭᠦᠯᠬᠦ ᠪᠠ ᠪᠡᠶ᠎ᠡ ᠳᠡᠭᠡᠨ ᠠᠪᠴᠤ ᠶᠠᠪᠤᠬᠤ ᠶᠢ ᠴᠠᠭᠠᠵᠠᠯᠠᠨ᠎ᠠ᠃    ᠲᠤᠰᠬᠠᠶ ᠮᠡᠷᠭᠡᠵᠢᠯ ᠤᠨ ᠭᠤᠯᠭᠤᠭᠤᠷ ᠲᠡᠷᠭᠡ    ᠯᠢᠲ᠋ᠢ ᠶᠢᠨ ᠳ᠋ᠢᠶᠠᠨ ᡂᠢ ᠲᠠᠢ᠂ ᠳᠠᠩ ᠬᠡᠰᠡᠭ ᠤᠨ ᠲᠣᠭᠲᠠᠭᠰᠠᠨ ᠡᠨᠧᠷᠭᠢ ᠨᠢ 100 Wh ᠶᠢ ᠳᠠᠪᠠᠭᠰᠠᠨ ᠭᠤᠯᠭᠤᠭᠤᠷ ᠲᠡᠷᠭᠡ ᠶᠢ ᠠᠪᠴᠤ ᠶᠠᠪᠤᠬᠤ ᠶᠢ ᠴᠠᠭᠠᠵᠠᠯᠠᠨ᠎ᠠ᠃    ᠬᠡᠶᠢᠲᠦ ᠰᠡᠯᠢᠭᠦᠷ ᠣᠩᠭᠤᠴᠠ    ᠠᠮᠠᠷᠬᠠᠨ ᠰᠢᠲᠠᠬᠤ ᠬᠡᠢ ᠪᠡᠶᠡᠳᠦ ᠠᠭᠤᠯᠵᠤ ᠪᠦᠬᠦᠢ ᠪᠣᠳᠠᠰ ᠢ ᠠᠪᠴᠤ ᠶᠠᠪᠤᠬᠤ ᠶᠢ ᠴᠠᠭᠠᠵᠠᠯᠠᠨ᠎ᠠ᠃    ᠤᠰᠤᠲᠥ᠋ᠷᠥᠭᠴᠢ ᠪᠥᠮᠪᠦᠭᠡ    ᠤᠰᠤᠲᠥ᠋ᠷᠥᠭᠴᠢ ᠪᠥᠮᠪᠦᠭᠡ ᠶᠢ ᠨᠠᠶᠢᠳᠠᠨ ᠲᠡᠭᠡᠭᠡᠪᠦᠷᠢᠯᠡᠭᠦᠯᠬᠦ ᠪᠠ ᠪᠡᠶ᠎ᠡ ᠳᠡᠭᠡᠨ ᠠᠪᠴᠤ ᠶᠠᠪᠤᠬᠤ ᠶᠢ ᠴᠠᠭᠠᠵᠠᠯᠠᠨ᠎ᠠ᠃    ᠨᠤᠮᠤ ᠰᠤᠮᠤ᠂ ᠵᠡᠪᠡ    ᠨᠤᠮᠤ ᠰᠤᠮᠤ᠂ ᠵᠡᠪᠡ ᠶᠢ ᠪᠡᠶ᠎ᠡ ᠳᠡᠭᠡᠨ ᠠᠪᠴᠤ ᠶᠠᠪᠤᠵᠤ ᠪᠣᠯᠬᠤ ᠤᠢᠭᠡᠢ᠂ ᠨᠠᠶᠢᠳᠠᠨ ᠲᠡᠭᠡᠭᠡᠪᠦᠷᠢᠯᠡᠭᠦᠯᠵᠦ ᠪᠣᠯᠤᠨ᠎ᠠ᠃    ᠪᠠᠭᠠᠵᠢ ᠭᠡᠷᠡᠭᠰᠡᠯ ᠤᠨ ᠫᠤᠤ᠂ ᠴᠠᠬᠢᠯᠭᠠᠨ ᠨᠢᠷᠭᠡᠯᠭᠡ ᠶᠢᠨ ᠪᠠᠭᠠᠵᠢ    ᠪᠠᠭᠠᠵᠢ ᠭᠡᠷᠡᠭᠰᠡᠯ ᠤᠨ ᠫᠤᠤ᠂ ᠪᠤᠯᠤᠤᠠ ᠡᠷᠢᠬᠡᠳᠤ ᠫᠤᠤ᠂ ᠭᠠᠷ ᠫᠤᠤ ᠵᠢᠴᠢ ᠲᠡᠭᠦᠨ ᠤ ᠳᠠᠭᠤᠷᠢᠶᠠᠮᠠᠯ ᠡᠳ᠋ ᠵᠢᠴᠢ ᠴᠠᠬᠢᠯᠭᠠᠨ ᠨᠢᠷᠭᠡᠯᠭᠡ ᠶᠢᠨ ᠪᠠᠭᠠᠵᠢ ᠶᠢ ᠪᠡᠶ᠎ᠡ ᠳᠡᠭᠡᠨ ᠠᠪᠴᠤ ᠶᠠᠪᠤᠬᠤ ᠪᠠ ᠨᠠᠶᠢᠳᠠᠨ ᠲᠡᠭᠡᠭᠡᠪᠦᠷᠢᠯᠡᠭᠦᠯᠬᠦ ᠶᠢ ᠴᠠᠭᠠᠵᠠᠯᠠᠨ᠎ᠠ᠃    ᠠᠷᠢᠬᠢ    ᠥᠪᠡᠷ ᠢᠶᠠᠨ ᠨᠡᠷᠡᠭᠰᠡᠨ ᠰᠤᠯᠠ ᠰᠠᠪᠠᠯᠠᠭᠰᠠᠨ ᠪᠤᠳᠠᠭᠠᠨ ᠠᠷᠢᠬᠢ ᠶᠢ ᠪᠡᠶ᠎ᠡ ᠳᠡᠭᠡᠨ ᠠᠪᠴᠤ ᠶᠠᠪᠤᠬᠤ ᠪᠠ ᠨᠠᠶᠢᠳᠠᠨ ᠲᠡᠭᠡᠭᠡᠪᠦᠷᠢᠯᠡᠭᠦᠯᠬᠦ ᠶᠢ ᠴᠠᠭᠠᠵᠠᠯᠠᠨ᠎ᠠ᠃    ᠥᠪᠡᠷ ᠢᠶᠠᠨ ᠬᠠᠯᠠᠭᠤᠯᠬᠤ ᠲᠤᠲᠤᠷᠭ᠎ᠠ ᠪᠤᠳᠠᠭ᠎ᠠ᠂ ᠥᠪᠡᠷ ᠢᠶᠠᠨ ᠴᠢᠨᠠᠵᠤ ᠢᠳᠡᠬᠦ ᠬᠠᠯᠠᠭᠤᠨ ᠲᠤᠭᠤᠭ᠎ᠠ    ᠥᠪᠡᠷ ᠢᠶᠠᠨ ᠬᠠᠯᠠᠭᠤᠯᠬᠤ ᠲᠤᠲᠤᠷᠭ᠎ᠠ ᠪᠤᠳᠠᠭ᠎ᠠ᠂ ᠥᠪᠡᠷ ᠢᠶᠠᠨ ᠴᠢᠨᠠᠵᠤ ᠢᠳᠡᠬᠦ ᠬᠠᠯᠠᠭᠤᠨ ᠲᠤᠭᠤᠭ᠎ᠠ ᠶᠢᠨ ᠬᠠᠯᠠᠭᠠᠯᠭ᠎ᠠ ᠳᠤ ᠭᠤᠣᠯᠳᠠᠭᠤ ᠮᠠᠭᠨᠢ ᠬᠦᠩᠭᠡᠨ ᠴᠠᠭᠠᠨ ᠤ ᠨᠤᠨᠲᠠᠭ ᠤᠨ ᠥᠪᠡᠷ ᠢᠶᠠᠨ ᠬᠠᠯᠠᠭᠠᠬᠤ ᠲᠦᠷᠦᠯ ᠤᠨ ᠪᠦᠲᠦᠭᠡᠭᠳᠡᠬᠦᠨ ᠪᠠᠶᠢᠬᠤ ᠪᠤᠯᠬᠤᠷ ᠪᠡᠶ᠎ᠡ ᠳᠡᠭᠡᠨ ᠠᠪᠴᠤ ᠶᠠᠪᠤᠬᠤ ᠪᠠ ᠨᠠᠶᠢᠳᠠᠨ ᠲᠡᠭᠡᠭᠡᠪᠦᠷᠢᠯᠡᠭᠦᠯᠬᠦ ᠶᠢ ᠴᠠᠭᠠᠵᠠᠯᠠᠨ᠎ᠠ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号