ᠲᠦᠴᠢᠦᠸᠠᠨ ᠰᠢᠶᠠᠨ ᠤ ᠤᠳᠬ᠎ᠠ ᠤᠷᠠᠯᠢᠭ ᠤᠨ ᠬᠤᠯᠪᠣᠭ᠎ᠠ ᠤᠮᠠᠷᠠᠲᠤ ᠬᠢᠯᠢ ᠶᠢᠨ ᠰᠣᠶᠣᠯ ᠢᠶᠠᠷ ᠬᠥᠷᠥᠰᠥ ᠰᠢᠷᠣᠶ ᠶᠢ ᠰᠢᠮᠡᠵᠢᠭᠦᠯᠬᠦ ᠤᠳᠬ᠎ᠠ ᠤᠷᠠᠯᠢᠭ ᠤᠨ ᠠᠵᠢᠯᠯᠠᠭ᠎ᠠ ᠨᠢ ᠠᠷᠠᠳ ᠤᠨ ᠰᠡᠳᠬᠢᠯ ᠢ ᠳᠤᠯᠠᠭᠠᠴᠠᠭᠤᠯᠤᠨ᠎ᠠ
ᠨᠡᠶᠢᠲᠡᠯᠡᠭᠰᠡᠨ ᠴᠠᠭ᠄
2025/3/9
   ᠤᠮᠠᠷᠠᠲᠤ ᠬᠢᠯᠢ ᠶᠢᠨ ᠰᠣᠶᠣᠯ ᠢ ᠶᠡᠭᠡ ᠪᠠᠷ ᠪᠠᠳᠠᠷᠠᠭᠤᠯᠵᠤ᠂ ︽ᠵᠢᠷᠭᠤᠭᠠᠨ ᠠᠵᠢᠯᠯᠠᠭ᠎ᠠ︾ ᠶᠢ ᠪᠥᠬᠦ ᠲᠠᠯ᠎ᠠ  ᠪᠠᠷ ᠰᠠᠶᠢᠲᠤᠷ ᠠᠳᠬᠤᠬᠤ ᠶᠢᠨ ᠲᠥᠯᠥᠭᠡ᠂ ᠣᠶᠢᠷ᠎ᠠ ᠳᠤ᠂ ︽ᠤᠮᠠᠷᠠᠲᠤ ᠬᠢᠯᠢ ᠶᠢᠨ ᠰᠣᠶᠣᠯ ᠤᠨ ᠰᠠᠶᠢᠨ ᠳᠤᠷ᠎ᠠ  ᠶᠢᠨ ᠠᠶᠠᠯᠠᠯ ᠤᠳᠬ᠎ᠠ ᠤᠷᠠᠯᠢᠭ ᠠᠴᠠ ᠬᠥᠮᠦᠰ ᠤᠨ ᠰᠡᠳᠬᠢᠯ ᠢ ᠳᠤᠯᠠᠭᠠᠴᠠᠭᠤᠯᠬᠤ︾ ᠪᠠᠷ ᠭᠤᠤᠯ ᠰᠡᠳᠦᠪ ᠪᠣᠯᠭᠠᠭᠰᠠᠨ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠲᠦᠴᠢᠦᠸᠠᠨ ᠰᠢᠶᠠᠨ ᠳᠤ ᠪᠥᠬᠦ ᠲᠠᠯ᠎ᠠ  ᠪᠠᠷ ᠡᠬᠢᠯᠡᠪᠡ᠃ ᠲᠦᠴᠢᠦᠸᠠᠨ ᠰᠢᠶᠠᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠤᠳᠬ᠎ᠠ ᠤᠷᠠᠯᠢᠭ ᠤᠨ ᠰᠠᠶᠢᠨ ᠳᠤᠷᠠᠴᠤᠳ ᠡᠯ᠎ᠡ ᠬᠥᠳᠡᠭᠡ ᠲᠣᠰᠬᠤᠨ ᠳᠤ ᠬᠦᠷᠴᠦ᠂ ᠤᠷᠠᠯᠢᠭ ᠤᠨ ᠦᠷ᠎ᠡ ᠶᠢ ᠤᠮᠠᠷᠠᠲᠤ ᠬᠢᠯᠢ ᠶᠢᠨ ᠰᠣᠶᠣᠯ ᠤᠨ ᠡᠬᠡ ᠭᠠᠵᠠᠷ ᠲᠤ ᠰᠠᠴᠤᠪᠠ᠃
   ᠲᠦᠴᠢᠦᠸᠠᠨ ᠰᠢᠶᠠᠨ ᠤ ᠲᠠᠢ ᠫᠢᠩ ᠰᠢᠶᠠᠩ ᠤᠨ ᠦ᠋ ᠰᠠᠨ ᠲᠣᠰᠬᠤᠨ ᠤ ᠰᠣᠶᠣᠯ ᠤᠨ ᠠᠵᠢᠯᠯᠠᠭ᠎ᠠ ᠶᠢᠨ ᠲᠥᠪ  ᠲᠤ ᠬᠦᠷᠬᠦ ᠳᠤ᠂  ︽ᠤᠷᠠᠨ ᠪᠢᠴᠢᠯᠭᠡ ᠤᠷᠠᠨ ᠵᠢᠷᠤᠭ ᠢᠶᠠᠷ ᠬᠥᠳᠡᠭᠡ ᠲᠣᠰᠬᠤᠨ ᠢ ᠤᠮᠳᠠᠯᠠᠬᠤ︾ ᠭᠤᠣᠯ ᠰᠡᠳᠦᠪᠲᠦ ᠠᠵᠢᠯᠯᠠᠭ᠎ᠠ ᠢᠳᠡ ᠬᠦᠭ ᠲᠠᠢ ᠥᠷᠨᠢᠵᠦ ᠪᠠᠶᠢᠯ᠎ᠠ᠄ ᠭᠤᠷᠪᠠᠨ ᠤᠷᠳᠤ ᠰᠢᠷᠡᠭᠡ ᠶᠢ ᠨᠡᠶᠢᠯᠡᠭᠦᠯᠵᠦ ︽ᠠᠷᠠᠳ ᠤᠨ ᠵᠠᠩ ᠦᠢᠯᠡ ᠶᠢᠨ ᠤᠷᠠᠯᠢᠭ ᠤᠨ ᠤᠷᠳᠤ ᠡᠪᠬᠡᠮᠡᠯ︾ ᠪᠣᠯᠭᠠᠨ᠂ ᠼᠦᠢ ᠱᠤ᠋ ᠵᠢᠶᠠᠩ ᠵᠡᠷᠭᠡ ᠭᠤᠷᠪᠠᠨ ᠤᠷᠠᠨ ᠪᠢᠴᠢᠯᠭᠡᠲᠡᠨ ᠲᠤᠬᠠᠢ ᠶᠢᠨ ᠲᠠᠯᠠᠪᠠᠢ ᠳᠤ ᠵᠢᠷᠤᠵᠦ ᠪᠢᠴᠢᠵᠦ᠂ ᠤᠷᠠᠨ ᠪᠢᠴᠢᠯᠭᠡ ︽ᠱᠠᠨ ᠰᠢ ᠲᠣᠰᠬᠤᠨ  ᠢᠶᠠᠷ ᠵᠤᠭᠠᠴᠠᠭᠰᠠᠨ ᠨᠢ︾᠂ ᠠᠷᠠᠳ ᠤᠨ ᠵᠠᠩ ᠦᠢᠯᠡ ᠶᠢᠨ ᠱᠤᠭ ᠵᠢᠷᠤᠭ ︽ᠶᠡᠭᠡ ᠴᠠᠰᠤ ᠲᠤ ᠴᠠᠭᠠᠨ ᠨᠣᠭᠤᠭ᠎ᠠ ᠳᠠᠪᠤᠰᠤᠯᠠᠭᠰᠠᠨ︾ ᠵᠡᠷᠭᠡ ᠪᠦᠲᠦᠭᠡᠯ ᠨᠢ ᠴᠠᠭᠠᠰᠤᠨ ᠳᠡᠭᠡᠷ᠎ᠡ ᠳᠡᠯᠭᠡᠭᠳᠡᠪᠡ᠃ ᠲᠣᠰᠬᠤᠨ ᠤ ᠠᠷᠠᠳ ᠰᠢᠷᠡᠭᠡᠨ ᠤ ᠡᠮᠦᠨ᠎ᠡ ᠲᠣᠭᠤᠷᠢᠨ ᠦᠵᠡᠵᠦ᠂ ᠪᠠᠶᠢᠨ ᠪᠠᠶᠢᠨ ᠮᠠᠭᠲᠠᠨ ᠰᠠᠶᠢᠰᠢᠶᠠᠵᠤ ᠪᠠᠶᠢᠯ᠎ᠠ᠃
   ︽ᠪᠢᠳᠡ ᠮᠠᠲ᠋ᠧᠷᠢᠶᠠᠯ ᠴᠤᠭᠯᠠᠭᠤᠯᠬᠤ ᠳᠠᠭᠠᠨ᠂ ᠲᠣᠰᠬᠤᠨ ᠤ ᠠᠷᠠᠳ ᠤᠨ ᠬᠡᠷ ᠲᠠᠬᠢ ᠱᠦᠭᠦᠷ ᠤᠨ ᠬᠡ ᠤᠭᠠᠯᠵᠠ᠂ ᠬᠠᠶᠢᠴᠢᠯᠠᠮᠠᠯ ᠤᠨ ᠬᠡ ᠤᠭᠠᠯᠵᠠ ᠶᠢᠨ ᠲᠣᠰ ᠪᠡᠶ᠎ᠡ ᠨᠢ ᠳᠠᠷᠤᠶ ᠠᠮᠢᠳᠤ ᠰᠣᠷᠭᠤᠭ ᠤᠷᠠᠯᠢᠭ ᠤᠨ ᠦᠭᠡ ᠬᠡᠯᠡ ᠪᠣᠯᠬᠤ ᠶᠢ ᠣᠯᠵᠤ ᠮᠡᠳᠡᠵᠡᠶ᠃ ᠡᠨᠡ ᠤᠳᠠᠭᠠᠨ ᠤ ᠵᠣᠬᠢᠶᠠᠨ ᠪᠦᠲᠦᠭᠡᠯᠭᠡ ᠨᠢ ᠳᠥᠭᠦᠮᠬᠡᠨ ︿ᠰᠣᠶᠣᠯ ᠬᠦᠷᠭᠡᠬᠦ ﹀ ᠪᠢᠰᠢ᠂ ᠬᠠᠷᠢᠨ ᠲᠤᠰᠬᠠᠶ ᠮᠡᠷᠭᠡᠵᠢᠯ ᠤᠨ ᠠᠷᠭ᠎ᠠ ᠪᠠᠷ ᠲᠡᠳᠡᠨ ᠤ ᠲᠠᠨᠢᠯ ᠲᠠᠰᠤᠯ ᠨᠤᠲᠤᠭ ᠤᠨ ᠭᠤᠸ᠎ᠠ ᠵᠦᠶ ᠶᠢ ᠪᠣᠯᠪᠠᠰᠤᠷᠠᠭᠤᠯᠤᠨ᠎ᠠ᠃︾ ᠭᠡᠵᠦ ᠰᠢᠶᠠᠨ ᠤ ᠤᠷᠠᠨ ᠵᠢᠷᠤᠭᠴᠢᠳ ᠤᠨ ᠨᠡᠶᠢᠭᠡᠮᠯᠢᠭ ᠤᠨ ᠳᠡᠳ᠋ ᠲᠡᠷᠢᠭᠦᠯᠡᠭᠴᠢ᠂ ᠦ᠋ ᠰᠠᠨ ᠲᠣᠰᠬᠤᠨ ᠤ ︽ᠰᠣᠶᠣᠯ ᠤᠨ ᠲᠣᠰᠬᠤᠨ ᠤ ᠳᠠᠷᠤᠭ᠎ᠠ︾ ᠼᠦᠢ ᠱᠤ᠋ ᠵᠢᠶᠠᠩ ᠬᠡᠯᠡᠪᠡ᠃
   ᠳᠠᠷᠠᠭ᠎ᠠ ᠨᠢ ᠤᠷᠠᠨ ᠪᠢᠴᠢᠯᠭᠡ ᠶᠢᠨ ᠨᠡᠶᠢᠲᠡ ᠶᠢᠨ ᠠᠰᠠᠷᠠᠮᠵᠢ ᠶᠢᠨ ᠬᠢᠴᠢᠶᠡᠯ ᠵᠡᠷᠭᠡᠪᠡᠷ ᠡᠬᠢᠯᠡᠪᠡ᠃ ᠲᠦᠴᠢᠦᠸᠠᠨ ᠰᠢᠶᠠᠨ ᠤ ᠤᠷᠠᠨ ᠵᠢᠷᠤᠭᠴᠢᠳ ᠤᠨ ᠨᠡᠶᠢᠭᠡᠮᠯᠢᠭ ᠤᠨ ᠲᠡᠷᠢᠭᠦᠯᠡᠭᠴᠢ ᠵᠠᠩ ᠴᠢᠶᠦ᠋ᠨ ᠶᠢᠩ ᠪᠢᠷ ᠠᠳᠬᠤᠬᠤ ᠬᠡᠯᠪᠡᠷᠢ ᠠᠴᠠ ᠡᠬᠢᠯᠡᠨ ᠵᠢᠭᠠᠵᠤ᠂ ᠲᠤᠬᠠᠢ ᠶᠢᠨ ᠲᠠᠯᠠᠪᠠᠢ ᠶᠢᠨ ᠲᠣᠰᠬᠤᠨ ᠤ ᠠᠷᠠᠳ ᠢ ᠳᠠᠭᠠᠭᠤᠯᠤᠨ ︽ᠭᠡᠷ ᠪᠦᠯᠢ ᠡᠶ᠎ᠡ ᠨᠠᠶᠢᠷᠠᠮᠳᠠᠭᠤ ᠲᠦᠮᠡᠨ ᠬᠡᠷᠡᠭ ᠲᠡᠭᠦᠰ ᠰᠠᠶᠢᠬᠠᠨ︾ ᠵᠡᠷᠭᠡ ᠥᠯᠵᠡᠢ ᠪᠡᠯᠭᠡ ᠲᠠᠢ ᠣᠬᠤᠷ ᠥᠭᠦᠯᠡᠪᠦᠷᠢ ᠶᠢ ᠳᠠᠭᠤᠷᠢᠶᠠᠨ ᠪᠢᠴᠢᠪᠡ᠃ 49 ᠨᠠᠰᠤᠲᠠᠢ ᠲᠣᠰᠬᠤᠨ ᠤ ᠠᠷᠠᠳ ᠶᠠᠩ ᠯᠢ ᠴᠢᠨ ᠴᠠᠭᠠᠰᠤᠨ ᠳᠡᠭᠡᠷ᠎ᠡ ᠲᠦᠷᠦᠭᠦᠤ ᠪᠢᠷ ᠲᠠᠯᠪᠢᠬᠤ ᠳᠤ᠂ ᠨᠢᠭᠤᠷ ᠳᠦᠭᠦᠷᠡᠩ ᠠᠮᠵᠢᠯᠲᠠ ᠶᠢᠨ ᠲᠦᠷᠦᠭᠳᠡᠯ ᠲᠠᠢ ᠪᠠᠶᠢᠯ᠎ᠠ᠃
    ᠲᠠᠢ ᠫᠢᠩ ᠰᠢᠶᠠᠩ ᠤᠨ ᠦ᠋ ᠰᠠᠨ ᠲᠣᠰᠬᠤᠨ ᠤ ᠠᠷᠠᠳ ᠶᠠᠩ ᠯᠢ ᠴᠢᠨ᠄ ︽ᠥᠩᠭᠡᠷᠡᠭᠰᠡᠨ ᠳᠤ ᠦᠰᠦᠨ ᠪᠢᠷ  ᠲᠤ ᠭᠠᠷ ᠬᠦᠷᠴᠦ ᠥᠩᠭᠡᠷᠡᠭᠰᠡᠨ ᠦᠭᠡᠢ᠂ ᠤᠷᠠᠨ ᠪᠢᠴᠢᠯᠭᠡ ᠣᠨᠴᠠᠭᠠᠢ ᠡᠷᠬᠢᠮ ᠲᠡᠭᠡᠳᠦ ᠰᠢᠭ ᠰᠠᠨᠠᠭᠳᠠᠵᠤ᠂ ᠮᠠᠨ  ᠤ ᠠᠮᠢᠳᠤᠷᠠᠯ ᠠᠴᠠ ᠬᠤᠯᠠ ᠪᠠᠶᠢᠭ᠎ᠠ ᠰᠢᠭ᠃ ᠡᠨᠡ ᠤᠳᠠᠭ᠎ᠠ ᠵᠠᠪᠰᠢᠶᠠᠨ ᠢᠶᠠᠷ ᠥᠪᠡᠷ ᠢᠶᠠᠨ ᠪᠢᠷ ᠠᠳᠬᠤᠨ ᠪᠢᠴᠢᠵᠦ᠂ ᠮᠠᠰᠢ ᠪᠠᠶᠠᠷᠯᠠᠵᠤ ᠪᠠᠶᠢᠨ᠎ᠠ᠂ ᠰᠢᠶᠠᠨ ᠤ ᠤᠳᠬ᠎ᠠ ᠤᠷᠠᠯᠢᠭ ᠤᠨ ᠬᠤᠯᠪᠣᠭ᠎ᠠ ᠶᠢᠨ ᠪᠠᠭᠰᠢ ᠳᠤ ᠲᠠᠯᠠᠷᠬᠠᠵᠤ ᠪᠠᠶᠢᠨ᠎ᠠ︕ ᠬᠤᠵᠢᠮ ᠪᠢ ᠰᠠᠶᠢᠨ ᠪᠣᠯᠪᠠᠰᠤᠷᠠᠵᠤ ᠴᠠᠭᠠᠨ ᠰᠠᠷ᠎ᠠ ᠶᠢᠨ ᠬᠤᠤᠰ ᠤᠶᠠᠩᠭ᠎ᠠ ᠪᠢᠴᠢᠬᠦ ᠪᠠᠷ ᠴᠢᠷᠮᠠᠶᠢᠶ᠎ᠠ︕︾ ᠭᠡᠵᠡᠢ᠃    ᠲᠦᠴᠢᠦᠸᠠᠨ ᠰᠢᠶᠠᠨ ᠤ ᠤᠳᠬ᠎ᠠ ᠤᠷᠠᠯᠢᠭ ᠤᠨ ᠬᠤᠯᠪᠣᠭ᠎ᠠ ᠴᠠᠭ ᠦᠶ᠎ᠡ ᠶᠢᠨ ᠭᠤᠤᠯ ᠰᠡᠳᠦᠪ ᠲᠤ ᠠᠩᠬᠠᠷᠤᠯ  ᠢᠶᠠᠨ ᠲᠥᠪᠯᠡᠷᠡᠭᠦᠯᠵᠦ᠂ ᠤᠳᠬ᠎ᠠ ᠤᠷᠠᠯᠢᠭ ᠤᠨ ᠠᠵᠢᠯᠲᠠᠳ ᠢ ᠬᠥᠲᠥᠯᠥᠨ ᠵᠢᠯᠣᠭᠤᠳᠴᠤ ᠪᠠᠶᠢᠭᠠᠳ ᠣᠯᠠᠨ ᠲᠦᠮᠡᠨ ᠲᠠᠢ ᠣᠶᠢᠷᠠᠲᠤᠭᠰᠠᠨ᠂ ᠬᠠᠶᠢᠷ᠎ᠠ ᠬᠠᠯᠠᠮᠵᠢ ᠲᠠᠢ ᠤᠳᠬ᠎ᠠ ᠤᠷᠠᠯᠢᠭ ᠤᠨ ᠪᠦᠲᠦᠭᠡᠯ ᠢ ᠵᠣᠬᠢᠶᠠᠨ ᠪᠦᠲᠦᠭᠡᠵᠦ ᠂ ᠡᠯ᠎ᠡ ᠲᠥᠷᠥᠯ ᠤᠨ ᠰᠣᠶᠣᠯ ᠤᠨ ᠰᠠᠶᠢᠨ ᠳᠤᠷ᠎ᠠ ᠶᠢᠨ ᠦᠶᠯᠡᠴᠢᠯᠡᠭᠡᠨ ᠤ ᠠᠵᠢᠯᠯᠠᠭ᠎ᠠ ᠥᠷᠨᠢᠭᠦᠯᠵᠦ᠂ ᠤᠳᠬ᠎ᠠ ᠤᠷᠠᠯᠢᠭ ᠤᠨ ᠪᠦᠲᠦᠭᠡᠯ ᠢ ᠬᠥᠳᠡᠭᠡ ᠲᠣᠰᠬᠤᠨ ᠳᠤ ᠬᠦᠷᠭᠡᠵᠦ᠂ ᠠᠷᠠᠳ ᠤᠨ ᠵᠠᠩ ᠦᠶᠯᠡ ᠶᠢᠨ ᠭᠤᠤᠯ ᠰᠡᠳᠦᠪᠲᠦ ᠵᠣᠬᠢᠶᠠᠨ ᠪᠦᠲᠦᠭᠡᠯᠭᠡ᠂ ᠨᠡᠶᠢᠲᠡ ᠶᠢᠨ ᠠᠰᠠᠷᠠᠮᠵᠢ ᠶᠢᠨ ᠤᠷᠠᠯᠢᠭ ᠤᠨ ᠪᠣᠯᠪᠠᠰᠤᠷᠠᠯ᠂ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠰᠣᠯᠢᠯᠴᠠᠭ᠎ᠠ ᠵᠡᠷᠭᠡ ᠬᠡᠯᠪᠡᠷᠢ ᠪᠠᠷ ᠳᠠᠮᠵᠢᠭᠤᠯᠤᠨ᠂ ᠪᠢᠷ ᠪᠡᠬᠡᠰ ᠢ ᠨᠤᠲᠤᠭ ᠤᠨ ᠠᠮᠢᠳᠤᠷᠠᠯ ᠳᠤ ᠠᠭᠤᠰᠤᠯᠴᠠᠭᠤᠯᠵᠤ᠂ ᠥᠷᠭᠡᠨ ᠣᠯᠠᠨ ᠲᠣᠰᠬᠤᠨ ᠤ ᠠᠷᠠᠳ ᠤᠨ ᠰᠣᠶᠣᠯ ᠤᠨ ᠢᠲᠡᠭᠡᠯ ᠪᠠ ᠬᠠᠮᠲᠤ ᠶᠢᠨ ᠲᠠᠨᠢᠯᠲᠠ  ᠶᠢ ᠬᠥᠭᠵᠢᠭᠡᠪᠡ᠃
   ︽ᠰᠢᠶᠠᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ ︿ᠳᠠᠭᠠᠭᠤᠯᠤᠨ ᠶᠠᠪᠤᠵᠤ ᠵᠢᠭᠠᠨ ᠰᠤᠷᠭᠠᠬᠤ᠂ ᠤᠷᠢᠵᠤ ᠦᠵᠡᠰᠬᠦᠯᠡᠩ ᠳᠤ ᠣᠷᠣᠯᠴᠠᠭᠤᠯᠬᠤ﹀ ᠠᠷᠭ᠎ᠠ ᠬᠡᠯᠪᠡᠷᠢ ᠪᠠᠷ ᠳᠠᠮᠵᠢᠭᠤᠯᠤᠨ᠂ ᠤᠷᠠᠯᠢᠭ ᠢ ᠨᠤᠲᠤᠭ ᠤᠰᠤᠨ  ᠳᠠᠭᠠᠨ ᠦᠨᠳᠦᠰᠦᠯᠡᠭᠦᠯᠵᠦ᠂ ᠨᠠᠩ ᠣᠯᠠᠨ ︿ᠲᠠᠷᠢᠶᠠᠴᠢᠨ ᠤ ᠤᠷᠠᠯᠢᠭᠴᠢᠨ﹀ ᠢ ᠬᠥᠮᠦᠵᠢᠭᠦᠯᠦᠨ ᠭᠠᠷᠭᠠᠪᠠ᠃ ᠰᠣᠶᠣᠯ ᠢ ᠬᠥᠭᠵᠢᠭᠦᠯᠦᠨ ᠮᠠᠨᠳᠤᠭᠤᠯᠬᠤ ᠳᠤ ᠬᠤᠣᠰ ᠴᠢᠭᠯᠡᠯ ᠢᠶᠠᠷ ᠴᠢᠷᠮᠠᠶᠢᠬᠤ ᠴᠢᠬᠤᠯᠠᠲᠠᠢ᠂ ᠪᠢᠳᠡ ︿ᠲᠣᠰᠬᠤᠨ  ᠤ ᠠᠷᠠᠳ ᠵᠠᠬᠢᠶᠠᠯᠠᠭ᠎ᠠ ᠥᠭᠴᠦ᠂ ᠤᠳᠬ᠎ᠠ ᠤᠷᠠᠯᠢᠭ ᠤᠨ ᠬᠤᠯᠪᠣᠭ᠎ᠠ ᠵᠠᠬᠢᠶᠠᠯᠠᠭ᠎ᠠ ᠥᠭᠴᠦ᠂ ᠤᠷᠠᠯᠢᠭᠴᠢᠳ ᠵᠠᠬᠢᠶᠠᠯᠠᠭ᠎ᠠ ᠬᠦᠯᠢᠶᠡᠨ ᠠᠪᠬᠤ﹀ ᠵᠠᠭᠪᠤᠷ ᠢ ᠪᠠᠶᠢᠭᠤᠯᠵᠤ᠂ ᠤᠷᠠᠨ ᠪᠢᠴᠢᠯᠭᠡ ᠤᠷᠠᠨ ᠵᠢᠷᠤᠭ ᠤᠨ ᠪᠣᠯᠪᠠᠰᠤᠷᠠᠯ ᠢ ᠬᠥᠳᠡᠭᠡ ᠲᠣᠰᠬᠤᠨ ᠤ ᠰᠣᠶᠣᠯ᠂ ᠮᠠᠯᠴᠢᠨ ᠲᠠᠷᠢᠶᠠᠴᠢᠨ ᠤ ᠠᠮᠢᠳᠤᠷᠠᠯ ᠲᠠᠢ ᠨᠡᠩ ᠨᠢᠭᠲᠠ ᠤᠶᠠᠯᠳᠤᠭᠤᠯᠪᠠ᠃︾ ᠭᠡᠵᠦ ᠲᠦᠴᠢᠦᠸᠠᠨ ᠰᠢᠶᠠᠨ ᠤ ᠤᠳᠬ᠎ᠠ ᠤᠷᠠᠯᠢᠭ ᠤᠨ ᠬᠢᠨ ᠤ ᠬᠤᠯᠪᠣᠭᠠᠲᠤ ᠬᠤᠷᠠᠯ ᠤᠨ ᠵᠣᠬᠢᠶᠠᠨ ᠪᠠᠶᠢᠭᠤᠯᠬᠤ ᠬᠡᠯᠲᠡᠰ ᠤᠨ ᠬᠠᠷᠢᠭᠤᠴᠠᠯᠭᠠᠲᠠᠨ ᠯᠢ ᠲᠢᠶᠠᠨ ᠶᠧ ᠬᠡᠯᠡᠪᠡ᠃    ᠲᠦᠴᠢᠦᠸᠠᠨ ᠪᠠᠯᠭᠠᠰᠤᠨ ᠤ ᠰᠢᠨ ᠱᠧᠩ ᠲᠣᠰᠬᠤᠨ ᠳᠤ᠂ ᠥᠪᠡᠷᠮᠢᠴᠡ ᠣᠨᠴᠠᠯᠢᠭ ᠲᠠᠢ ᠤᠷᠠᠨ ᠰᠠᠶᠢᠬᠠᠨ ᠤ ᠲᠣᠭᠯᠠᠯᠲᠠ ᠨᠢ ᠪᠠᠶᠠᠷ ᠪᠠᠶᠠᠰᠬᠤᠯᠠᠩᠲᠤ ᠬᠥᠭᠵᠢᠮ ᠤᠨ ᠳᠤᠮᠳᠠ ᠬᠥᠰᠢᠭᠡ ᠪᠠᠨ ᠰᠡᠬᠦᠯ᠎ᠡ᠃ ᠰᠢᠶᠠᠨ ᠤ ᠤᠯᠠᠭᠠᠨᠮᠥ᠋ᠴᠢᠷ ᠪᠣᠯᠤᠨ ᠲᠣᠰᠬᠤᠨ ᠤ ᠠᠷᠠᠳ ᠵᠡᠷᠭᠡ ᠪᠠᠷ ᠬᠥᠳᠡᠯᠦᠯᠴᠡᠵᠦ᠂ ᠭᠤᠶᠢᠳᠠ ᠰᠠᠶᠢᠬᠠᠨ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ ᠪᠥᠵᠢᠭ ᠤᠨ ᠲᠣᠭᠯᠠᠯᠲᠠ ᠪᠠᠷ ᠬᠥᠷᠰᠢ ᠵᠡᠷᠭᠡᠯᠡᠳᠡᠭᠡ ᠶᠢᠨ ᠡᠶ᠎ᠡ ᠵᠣᠬᠢᠴᠠᠩᠭᠤᠢ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭᠰᠠᠨ ᠰᠠᠶᠢᠨ ᠰᠠᠶᠢᠬᠠᠨ ᠪᠠᠶᠢᠳᠠᠯ ᠢ ᠢᠯᠡᠷᠡᠭᠦᠯᠵᠦ᠂ ᠨᠠᠮ ᠪᠣᠯᠤᠨ ᠤᠯᠤᠰ ᠢᠶᠠᠨ ᠬᠠᠶᠢᠷᠠᠯᠠᠬᠤ ᠰᠡᠳᠬᠢᠯᠭᠡ ᠪᠠᠨ ᠢᠯᠡᠳᠬᠡᠪᠡ᠃ ᠲᠠᠷᠢ ᠲᠡᠭᠰᠢ ᠡᠩᠨᠡᠭᠡ ᠪᠠ ᠳᠡᠪᠬᠡᠷᠦᠨ ᠪᠥᠵᠢᠭ ᠨᠢ ᠦᠵᠡᠭᠴᠢᠳ ᠤᠨ ᠮᠠᠭᠲᠠᠭᠠᠯ ᠰᠠᠶᠢᠰᠢᠶᠠᠯ ᠢ ᠣᠯᠪᠠ᠃    ᠲᠤᠬᠠᠶ ᠶᠢᠨ ᠲᠠᠯᠠᠪᠠᠶ ᠶᠢᠨ ᠠᠵᠢᠯᠯᠠᠭ᠎ᠠ ᠶᠢᠨ ᠠᠭᠤᠯᠭ᠎ᠠ ᠨᠢ ᠪᠠᠶᠠᠯᠢᠭ᠂ ᠬᠡᠯᠪᠡᠷᠢ ᠨᠢ ᠣᠯᠠᠨ ᠶᠠᠩᠵᠤ ᠶᠢᠨ ᠪᠠᠶᠢᠳᠠᠭ᠃ ᠲᠣᠰᠬᠤᠨ ᠤ ᠬᠥᠮᠦᠰ ᠤᠨ ᠦᠵᠡᠵᠦ ᠰᠣᠨᠢᠷᠬᠠᠬᠤ ᠳᠤᠷᠠᠲᠠᠢ ᠤᠷᠠᠨ ᠰᠠᠶᠢᠬᠠᠨ ᠤ ᠲᠣᠭᠯᠠᠯᠲᠠ ᠪᠠᠷ ᠪᠠᠷᠠᠬᠤ ᠦᠬᠡᠢ᠂ ᠪᠠᠰᠠ ᠳᠠᠭᠤᠤ ᠬᠥᠭᠵᠢᠮ ᠤᠨ ᠬᠠᠪᠰᠤᠷᠤᠨ ᠵᠢᠯᠤᠭᠤᠳᠤᠯᠭ᠎ᠠ᠂ ᠤᠷᠠᠨ ᠪᠢᠴᠢᠯᠭᠡ ᠤᠷᠠᠨ ᠵᠢᠷᠤᠭ  ᠤᠨ ᠵᠢᠭᠠᠨ ᠰᠤᠷᠭᠠᠯᠲᠠ᠂ ᠪᠢ ᠲᠣᠰᠬᠤᠨ ᠤ ᠠᠷᠠᠳ ᠲᠤ ᠬᠦᠷᠦᠭ ᠵᠢᠷᠤᠬᠤ ᠵᠡᠷᠭᠡ ᠠᠵᠢᠯᠯᠠᠭ᠎ᠠ ᠥᠷᠨᠢᠭᠦᠯᠵᠦ᠂ ᠲᠤᠬᠠᠢ ᠶᠢᠨ ᠲᠠᠯᠠᠪᠠᠢ ᠳᠤ ᠪᠠᠶᠠᠷ ᠬᠦᠷ ᠢᠶᠠᠷ ᠪᠢᠯᠬᠠᠵᠤ ᠪᠠᠶᠢᠯ᠎ᠠ᠃
   72 ᠨᠠᠰᠤᠲᠠᠢ ᠲᠣᠰᠬᠤᠨ ᠤ ᠠᠷᠠᠳ ᠵᠤᠤ ᠭᠤᠸᠠᠩ ᠯᠠᠢ ᠠᠩᠬ᠎ᠠ ᠤᠳᠠᠭ᠎ᠠ ᠪᠣᠷᠣ ᠵᠢᠷᠤᠭ ᠤᠨ ᠪᠢᠷ ᠢᠶᠠᠨ ᠪᠠᠷᠢᠪᠠ᠃ ᠨᠠᠰᠤᠲᠠᠨ ᠤᠳᠬ᠎ᠠ ᠤᠷᠠᠯᠢᠭ ᠤᠨ ᠰᠠᠶᠢᠨ ᠳᠤᠷ᠎ᠠ ᠶᠢᠨ ᠠᠵᠢᠯᠯᠠᠭᠴᠢ ᠶᠢᠨ ᠵᠢᠯᠤᠭᠤᠳᠤᠯᠭ᠎ᠠ ᠳᠣᠣᠷ᠎ᠠ᠂ ᠳᠥᠴᠢᠨ ᠵᠢᠯ ᠡᠵᠡᠩᠨᠡᠭᠰᠡᠨ ᠲᠡᠮᠤᠷ ᠤᠨ ᠲᠠᠷᠬᠠᠨ ᠤ ᠫᠦᠰᠡ ᠪᠠᠨ ᠴᠠᠭᠠᠰᠤᠨ ᠲᠡᠭᠡᠷ᠎ᠡ ᠵᠢᠷᠤᠵᠤ᠄ ᠦᠰᠦᠷᠬᠢᠯᠡᠭᠰᠡᠨ ᠲᠡᠮᠤᠷ ᠢ ᠠᠯᠳᠠᠨ ᠰᠢᠷᠭᠠᠯ ᠤᠳᠤᠨ ᠭᠠᠷᠠᠭ ᠪᠣᠯᠭᠠᠵᠤ᠂ ᠬᠡᠶᠢᠰᠪᠦᠷᠢ ᠵᠢᠷᠤᠭᠠᠰᠤ ᠪᠠᠷ ᠭᠡᠷ ᠳᠣᠲᠣᠷᠠᠬᠢ ᠲᠥᠬᠦᠭᠡᠷᠦᠮᠵᠢ ᠪᠣᠯᠭᠠᠨ ᠭᠤᠬᠠᠳᠠᠪᠠ᠃ ︽ᠲᠡᠮᠦᠷ ᠳᠠᠪᠲᠠᠬᠤ ᠳᠠᠭᠤᠨ ᠪᠠᠰᠠ ᠤᠷᠠᠯᠢᠭ ᠪᠣᠯᠵᠤ ᠴᠢᠳᠠᠨ᠎ᠠ ᠭᠡᠵᠦ ᠪᠣᠳᠣᠵᠤ ᠣᠯᠤᠭᠰᠠᠨ ᠦᠭᠡᠢ᠃︾ ᠭᠡᠵᠦ ᠵᠤᠤ ᠭᠤᠸᠠᠩ ᠯᠠᠢ ᠶᠢᠨ ᠨᠢᠳᠦᠨ ᠳᠤ ᠨᠢᠯᠪᠤᠰᠤ ᠪᠥᠮᠪᠥᠷᠢᠪᠡ᠃    ᠡᠭᠦᠨ ᠠᠴᠠ ᠭᠠᠳᠠᠨ᠎ᠠ᠂ ᠲᠦᠴᠢᠦᠸᠠᠨ ᠰᠢᠶᠠᠨ ᠤ ᠤᠳᠬ᠎ᠠ ᠤᠷᠠᠯᠢᠭ ᠤᠨ ᠬᠤᠯᠪᠣᠭ᠎ᠠ ᠨᠢ ᠡᠯ᠎ᠡ ᠨᠡᠶᠢᠭᠡᠮᠯᠢᠭ ᠢ ᠵᠣᠬᠢᠶᠠᠨ ᠪᠠᠶᠢᠭᠤᠯᠵᠤ ᠲᠦᠴᠢᠦᠸᠠᠨ ᠰᠢᠶᠠᠨ ᠤ ᠡᠯᠪᠡᠭ ᠪᠠᠶᠠᠯᠢᠭ ᠰᠣᠶᠣᠯ ᠤᠨ ᠡᠬᠢ ᠪᠠᠶᠠᠯᠢᠭ ᠪᠣᠯᠤᠨ ᠪᠠᠶᠢᠭᠠᠯᠢ  ᠶᠢᠨ ᠦᠵᠡᠮᠵᠢ ᠶᠢ ᠭᠦᠨᠵᠡᠭᠡᠶ ᠠᠭᠤᠳᠠᠯᠵᠤ᠂ ᠭᠠᠵᠠᠷ ᠣᠷᠣᠨ ᠤ ᠣᠨᠴᠠᠯᠢᠭ᠂ ᠦᠨᠳᠦᠰᠦᠲᠡᠨ ᠤ ᠵᠠᠩ ᠦᠶᠯᠡ ᠶᠢ ᠲᠤᠰᠬᠠᠭᠰᠠᠨ ᠨᠢᠭᠡ ᠪᠦᠯᠦᠭ ᠤᠳᠬ᠎ᠠ ᠤᠷᠠᠯᠢᠭ ᠤᠨ ᠪᠦᠲᠦᠭᠡᠯ ᠵᠣᠬᠢᠶᠠᠨ ᠪᠦᠲᠦᠭᠡᠬᠦ ᠶᠢ ᠵᠣᠷᠢᠭᠵᠢᠭᠤᠯᠤᠨ᠎ᠠ︔ ᠪᠦᠲᠦᠭᠡᠯ ᠤᠨ ᠦᠵᠡᠰᠬᠦᠯᠡᠩ᠂ ᠲᠣᠭᠯᠠᠯᠲᠠ ᠶᠢᠨ ᠰᠣᠯᠢᠯᠴᠠᠭ᠎ᠠ ᠵᠡᠷᠭᠡ ᠠᠵᠢᠯᠯᠠᠭ᠎ᠠ ᠶᠢ ᠵᠣᠬᠢᠶᠠᠨ ᠪᠠᠶᠢᠭᠤᠯᠤᠨ ᠡᠷᠬᠢᠯᠡᠵᠦ᠂ ᠤᠳᠬ᠎ᠠ ᠤᠷᠠᠯᠢᠭ ᠤᠨ ᠠᠵᠢᠯᠲᠠᠳ ᠲᠤ ᠠᠪᠢᠶᠠᠰ ᠴᠢᠳᠠᠪᠤᠷᠢ ᠪᠠᠨ ᠳᠡᠯᠭᠡᠨ ᠦᠵᠡᠭᠦᠯᠬᠦ᠂ ᠦᠵᠡᠯ ᠰᠠᠨᠠᠭ᠎ᠠ ᠪᠠᠨ ᠰᠣᠯᠢᠯᠴᠠᠬᠤ ᠲᠠᠪᠴᠠᠩ ᠬᠠᠩᠭᠠᠨ᠎ᠠ︔ ᠴᠢᠳᠠᠪᠤᠷᠢᠲᠠᠨ ᠢ ᠰᠢᠯᠢᠨ ᠰᠣᠩᠭᠤᠬᠤ ᠠᠷᠭ᠎ᠠ ᠵᠠᠮ ᠢ ᠥᠷᠭᠡᠳᠬᠡᠵᠦ᠂ ᠤᠷᠠᠨ ᠰᠠᠶᠢᠬᠠᠨ ᠤ ᠲᠣᠭᠯᠠᠯᠲᠠ ᠡᠷᠬᠢᠯᠡᠬᠦ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠳᠠᠯᠳᠠ ᠬᠦᠴᠦᠨ ᠲᠠᠢ ᠤᠳᠬ᠎ᠠ ᠤᠷᠠᠯᠢᠭ ᠤᠨ ᠰᠢᠨ᠎ᠡ ᠬᠥᠮᠦᠨ ᠢ ᠢᠯᠡᠷᠡᠭᠦᠯᠦᠨ ᠰᠢᠯᠢᠨ ᠰᠣᠩᠭᠤᠵᠤ᠂ ᠲᠡᠳᠡᠨ ᠤ ᠲᠤᠰᠬᠠᠢ ᠮᠡᠷᠭᠡᠵᠢᠯ ᠤᠨ ᠬᠡᠪ ᠪᠣᠯᠪᠠᠰᠤᠷᠠᠯ ᠪᠠ ᠵᠣᠬᠢᠶᠠᠨ ᠪᠦᠲᠦᠭᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ ᠣᠯᠠᠨ ᠵᠦᠶᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠨ ᠨᠡᠶᠢᠯᠡᠮᠡᠯ ᠬᠦᠴᠦᠨ ᠢ ᠪᠦᠷᠢᠯᠳᠦᠭᠦᠯᠵᠦ᠂ ᠪᠥᠬᠦ ᠰᠢᠶᠠᠨ ᠤ ᠠᠷᠠᠳ ᠲᠦᠮᠡᠨ ᠲᠠᠢ ᠭᠠᠷ ᠬᠤᠯᠪᠣᠨ ᠤᠮᠠᠷᠠᠲᠤ ᠬᠢᠯᠢ ᠶᠢᠨ ᠰᠣᠶᠣᠯ ᠤᠨ ᠰᠢᠨ᠎ᠡ ᠬᠠᠭᠤᠳᠠᠰᠤ ᠶᠢ ᠪᠢᠴᠢᠭᠯᠡᠨ᠎ᠡ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号