︽2025 ᠣᠨ ᠳᠤ ᠲᠣᠮᠣ ᠬᠡᠪᠴᠢᠶᠡᠨ ᠤ ᠲᠥᠬᠦᠭᠡᠷᠦᠮᠵᠢ ᠶᠢ ᠰᠢᠨᠡᠳᠬᠡᠬᠦ ᠪᠠ ᠬᠡᠷᠡᠭᠯᠡᠭᠡᠨ ᠤ ᠵᠤᠶᠢᠯ ᠤᠨ | ᠬᠠᠭᠤᠴᠢᠨ ᠢᠶᠠᠷ ᠰᠢᠨ᠎ᠡ ᠶᠢ ᠰᠣᠯᠢᠬᠤ ᠲᠥᠷᠥ ᠶᠢᠨ ᠪᠣᠳᠣᠯᠭ᠎ᠠ ᠶᠢ ᠬᠦᠴᠦᠯᠡᠨ ᠥᠷᠭᠡᠳᠬᠡᠵᠦ ᠬᠡᠷᠡᠭᠵᠢᠭᠦᠯᠬᠦ ᠲᠤᠬᠠᠶ | ᠮᠡᠳᠡᠭᠳᠡᠯ︾ ︵ᠬᠥᠭᠵᠢᠭᠦᠯᠦᠯᠲᠡ ᠥᠭᠡᠷᠡᠴᠢᠯᠡᠯᠲᠡ ᠣᠷᠴᠢᠨ ᠲᠤᠭᠤᠷᠢᠨ ᠡᠬᠢ ᠪᠠᠶᠠᠯᠢᠭ〔2025〕13 ᠳ᠋ᠤᠭᠠᠷ | ᠲᠣᠭᠠᠲᠤ︶ ︽2025 ᠣᠨ ᠤ ᠬᠡᠷ ᠤᠨ ᠴᠠᠬᠢᠯᠭᠠᠨ ᠬᠡᠷᠡᠭᠰᠡᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠠᠵᠢᠯ ᠢ | ᠰᠠᠶᠢᠲᠤᠷ ᠬᠢᠬᠦ ᠲᠤᠬᠠᠶ ᠮᠡᠳᠡᠭᠳᠡᠯ︾ ︵ᠬᠤᠳᠠᠯᠳᠤᠭ᠎ᠠ ᠠᠯᠪᠠᠨ ᠭᠦᠢᠯᠭᠡᠭᠡ ᠵᠠᠬᠢᠳᠠᠯ〔2025〕6 ᠳ᠋ᠤᠭᠠᠷ | ᠲᠣᠭᠠᠲᠤ︶ ᠤᠨ ᠱᠠᠭᠠᠷᠳᠠᠯᠭ᠎ᠠ ᠶᠣᠰᠣᠭᠠᠷ᠂ 2025 ᠣᠨ ᠤ ᠪᠥᠬᠦ ᠣᠷᠣᠨ ᠤ ᠬᠡᠷ ᠤᠨ ᠴᠠᠬᠢᠯᠭᠠᠨ ᠬᠡᠷᠡᠭᠰᠡᠯ ᠤᠨ | ᠬᠠᠭᠤᠴᠢᠨ ᠢᠶᠠᠷ ᠰᠢᠨ᠎ᠡ ᠶᠢ ᠰᠣᠯᠢᠬᠤ ᠳᠤ ᠨᠥᠬᠦᠪᠥᠷᠢ ᠥᠭᠬᠦ ᠠᠵᠢᠯ ᠢ ᠰᠠᠶᠢᠲᠤᠷ ᠬᠢᠨ᠎ᠡ᠃ | 12 ᠲᠣᠮᠣ ᠲᠥᠷᠥᠯ ᠤᠨ ᠦᠢᠯᠡᠳᠬᠦᠨ᠄ ᠬᠥᠷᠥᠭᠡᠭᠦᠷ ︵ᠬᠥᠯᠳᠡᠭᠡᠭᠦᠷ︶᠂ ᠬᠤᠪᠴᠠᠰᠤ ᠤᠬᠢᠶᠠᠬᠤ ᠮᠠᠰᠢᠨ ︵ | ᠬᠤᠪᠴᠠᠰᠤ ᠬᠠᠳᠠᠭᠠᠬᠤ ᠮᠠᠰᠢᠨ︶᠂ ᠲᠧᠯᠸᠢᠰ ︵ᠲᠤᠰᠬᠠᠭᠤᠷ︶᠂ ᠠᠭᠠᠷ ᠲᠣᠬᠢᠷᠠᠭᠤᠯᠤᠭᠴᠢ ︵ᠠᠭᠠᠷ | ᠡᠭᠦᠰᠭᠡᠭᠴᠢ ᠶᠢᠨ ᠢᠯᠴᠢ ᠶᠢᠨ ᠬᠥᠭᠡᠷᠭᠡ︶᠂ ᠺᠣᠮᠫᠢᠤᠲ᠋ᠧᠷ᠂ ᠭᠡᠷ ᠲᠤ ᠭᠡᠷᠡᠭᠯᠡᠬᠦ ᠵᠤᠤᠬ᠎ᠠ ︵ᠬᠤᠷᠠᠮᠠᠯ ᠵᠤᠤᠬ᠎ᠠ︶᠂ | ᠲᠣᠰᠣᠨ ᠤᠲᠤᠭ᠎ᠠ ᠰᠣᠷᠣᠬᠤ ᠮᠠᠰᠢᠨ᠂ ᠪᠢᠴᠢᠯ ᠳᠣᠯᠭᠢᠶᠠᠨ ᠵᠤᠤᠬ᠎ᠠ᠂ ᠤᠰᠤ ᠬᠠᠯᠠᠭᠠᠭᠤᠷ ︵ᠬᠠᠨ᠎ᠠ ᠶᠢᠨ ᠡᠯᠭᠦᠭᠦᠷ | ᠵᠤᠤᠬ᠎ᠠ︶᠂ ᠠᠶᠠᠭ᠎ᠠ ᠤᠬᠢᠶᠠᠬᠤ ᠮᠠᠰᠢᠨ᠂ ᠤᠰᠤ ᠴᠡᠪᠡᠷᠰᠢᠭᠦᠯᠬᠦ ᠮᠠᠰᠢᠨ ︵ᠵᠥᠭᠡᠯᠡᠨ ᠤᠰᠤᠨ ᠤ ᠮᠠᠰᠢᠨ᠂ | ᠤᠤᠭᠤᠬᠤ ᠤᠰᠤᠨ ᠤ ᠮᠠᠰᠢᠨ︶᠂ ᠴᠠᠬᠢᠯᠭᠠᠨ ᠲᠣᠭᠤᠭ᠎ᠠ ︵ᠴᠠᠬᠢᠯᠭᠠᠨ ᠳᠠᠷᠤᠯᠲᠠᠲᠤ ᠲᠣᠭᠤᠭ᠎ᠠ︶᠃ | ᠰᠢᠨ᠎ᠡ ᠪᠠᠷ ᠨᠡᠮᠡᠭᠳᠡᠭᠰᠡᠨ 6 ᠲᠥᠷᠥᠯ ᠤᠨ ᠦᠢᠯᠡᠳᠬᠦᠨ᠄ ᠬᠤᠪᠴᠠᠰᠤ ᠬᠤᠨᠠᠷ ᠢᠯᠢᠭᠦᠷᠳᠡᠵᠦ ᠲᠡᠭᠰᠢᠯᠡᠬᠦ | ᠮᠠᠰᠢᠨ ︵ᠢᠯᠢᠭᠦᠷᠳᠡᠬᠦ ᠮᠠᠰᠢᠨ᠂ ᠡᠯᠬᠦᠵᠦ ᠢᠯᠢᠭᠦᠷᠳᠡᠬᠦ ᠮᠠᠰᠢᠨ︶᠂ ᠭᠠᠵᠠᠷ ᠱᠦᠭᠦᠷᠳᠡᠬᠦ ᠮᠠᠰᠢᠨ ︵ᠭᠠᠵᠠᠷ | ᠵᠦᠯᠭᠦᠬᠦ ᠮᠠᠰᠢᠨ᠂ ᠭᠠᠵᠠᠷ ᠤᠬᠢᠶᠠᠬᠤ ᠮᠠᠰᠢᠨ᠂ ᠲᠣᠭᠤᠰᠣ ᠰᠣᠷᠣᠬᠤ ᠮᠠᠰᠢᠨ︶᠂ ᠵᠢᠩᠨᠡᠵᠦ ᠰᠢᠷᠠᠬᠤ ᠬᠠᠶᠢᠷᠴᠠᠭ ︵ | ᠵᠢᠩᠨᠡᠵᠦ ᠰᠢᠷᠠᠬᠤ ᠶᠢ ᠨᠢᠭᠡ ᠴᠣᠭᠴᠠᠵᠢᠭᠤᠯᠤᠭᠰᠠᠨ ᠮᠠᠰᠢᠨ᠂ ᠵᠢᠩᠨᠡᠬᠤ ᠬᠠᠶᠢᠷᠴᠠᠭ᠂ ᠰᠢᠷᠠᠬᠤ ᠬᠠᠶᠢᠷᠴᠠᠭ︶᠂ | ᠬᠠᠯᠠᠭᠤᠨ ᠠᠭᠤᠷ ᠢᠶᠠᠷ ᠪᠤᠯᠭᠤᠭᠠᠬᠤ ᠲᠣᠭᠤᠭ᠎ᠠ᠂ ᠠᠭᠠᠷ ᠴᠡᠪᠡᠷᠰᠢᠭᠦᠯᠦᠭᠴᠢ ᠮᠠᠰᠢᠨ ︵ᠰᠢᠨ᠎ᠡ ᠦᠯᠢᠶᠡᠭᠦᠷ ᠮᠠᠰᠢᠨ | ᠂ ᠴᠢᠭᠢᠭᠲᠦᠭᠦᠯᠬᠦ ᠮᠠᠰᠢᠨ᠂ ᠴᠠᠬᠢᠯᠭᠠᠨ ᠳᠤᠯᠠᠭᠠᠮᠵᠢ︶᠂ ᠴᠠᠬᠢᠯᠭᠠᠨ ᠠᠭᠤᠷ ᠤᠨ ᠲᠣᠭᠤᠭ᠎ᠠ ︵ᠬᠠᠯᠠᠭᠤᠨ ᠤᠰᠤᠨ ᠤ | ᠴᠠᠬᠢᠯᠭᠠᠨ ᠳᠡᠪᠦᠷ᠎ᠡ᠂ ᠪᠡᠶ᠎ᠡ ᠰᠤᠪᠢᠯᠠᠬᠤ ᠳᠡᠪᠦᠷ᠎ᠡ᠂ ᠴᠠᠬᠢᠯᠭᠠᠨ ᠬᠠᠯᠠᠭᠤᠨ ᠲᠣᠭᠤᠭ᠎ᠠ᠂ ᠴᠠᠬᠢᠯᠭᠠᠨ ᠬᠠᠭᠠᠷᠢᠭᠤᠯ | ᠲᠣᠭᠤᠭ᠎ᠠ᠂ ᠴᠠᠬᠢᠯᠭᠠᠨ ᠰᠣᠷᠢᠨᠵᠢᠨ ᠵᠤᠤᠬ᠎ᠠ︶᠃ | ᠨᠥᠬᠦᠪᠥᠷᠢ ᠨᠢᠭᠡᠪᠦᠷᠢ ᠶᠢ 2000 ᠲᠥᠭᠦᠷᠢᠭ ᠠᠴᠠ ᠭᠡᠳᠦᠷᠡᠬᠦᠯᠬᠦ ᠥᠬᠡᠶ᠂ 2024 ᠣᠨ ᠳᠤ ᠨᠢᠭᠡᠨᠲᠡ | ᠶᠠᠮᠠᠷ ᠨᠢᠭᠡᠨ ᠲᠥᠷᠥᠯ ᠤᠨ ᠬᠡᠷ ᠤᠨ ᠴᠠᠬᠢᠯᠭᠠᠨ ᠬᠡᠷᠡᠭᠰᠡᠯ ᠤᠨ ᠤᠶᠢᠯᠡᠳᠬᠦᠨ ᠤ ᠬᠠᠭᠤᠴᠢᠨ ᠢᠶᠠᠷ ᠰᠢᠨ᠎ᠡ ᠶᠢ | ᠰᠣᠯᠢᠬᠤ ᠨᠥᠬᠦᠪᠥᠷᠢ ᠶᠢ ᠭᠥᠷᠳᠡᠭᠰᠡᠨ ᠬᠤᠪᠢ ᠶᠢᠨ ᠬᠡᠷᠡᠭᠯᠡᠭᠴᠢ ᠨᠢ 2025 ᠣᠨ ᠳᠤ ᠠᠳᠠᠯᠢ ᠲᠥᠷᠥᠯ ᠤᠨ | ᠬᠡᠷ ᠤᠨ ᠴᠠᠬᠢᠯᠭᠠᠨ ᠬᠡᠷᠡᠭᠰᠡᠯ ᠤᠨ ᠤᠶᠢᠯᠡᠳᠬᠦᠨ ᠬᠤᠳᠠᠯᠳᠤᠨ ᠠᠪᠤᠪᠠᠯ ᠦᠷᠭᠦᠯᠵᠢᠯᠡᠨ ᠨᠥᠬᠦᠪᠥᠷᠢ ᠭᠥᠷᠳᠡᠵᠦ | ᠪᠣᠯᠤᠨ᠎ᠠ᠃ ᠨᠥᠬᠦᠪᠥᠷᠢᠯᠡᠬᠦ ᠴᠠᠭ ᠬᠤᠭᠤᠴᠠᠭ᠎ᠠ ᠨᠢ 2025 ᠣᠨ ᠪᠣᠯᠤᠨ᠎ᠠ᠃ |