ᠵᠢᠷᠦᠬᠡ ᠴᠢᠰᠦᠨ ᠰᠤᠳᠠᠯ ᠮᠠᠭᠤᠳᠠᠢ ᠬᠦᠮᠦᠰ ︽ᠺᠠᠯᠢ ᠶᠡᠬᠡᠳᠡᠢ ᠬᠤᠭᠤᠯᠠ︾ ᠢᠳᠡᠭᠡᠷᠡᠢ
ᠨᠡᠶᠢᠲᠡᠯᠡᠭᠰᠡᠨ ᠴᠠᠭ᠄
2025/3/26
   ᠵᠢᠷᠦᠬᠡ ᠴᠢᠰᠤᠨ ᠰᠤᠳᠠᠯ ᠢ ᠬᠠᠮᠠᠭᠠᠯᠠᠬᠤ ᠡᠨᠡ ᠶᠠᠪᠤᠳᠠᠯ ᠳᠡᠭᠡᠷ᠎ᠡ ᠢᠳᠡᠭᠡᠨ ᠤᠮᠳᠠᠭᠠᠨ ᠪᠣᠯ ᠴᠢᠬᠤᠯᠠ ᠨᠢᠭᠡ ᠭᠤᠭᠴᠤᠭ᠎ᠠ ᠪᠣᠯᠤᠨ᠎ᠠ᠂ ᠡᠭᠦᠨ ᠳᠤ ︽ᠳᠠᠪᠤᠰᠤ ᠪᠠᠭ᠎ᠠ ᠢᠳᠡᠵᠦ︾᠂ ᠪᠠᠭ᠎ᠠ ᠰᠠᠭ᠎ᠠ ︽ᠺᠠᠯᠢ︾ ᠨᠦᠬᠦᠬᠦ ᠴᠢᠬᠤᠯᠠᠳᠠᠢ᠃    ᠺᠠᠯᠢ ᠨᠢ ᠵᠢᠷᠦᠬᠡ ᠴᠢᠰᠤᠨ ᠰᠤᠳᠠᠯ ᠢ ᠬᠡᠷᠬᠢᠨ ᠬᠠᠮᠠᠭᠠᠯᠠᠳᠠᠭ ᠪᠤᠢ︖    ᠺᠠᠯᠢ ᠨᠢ ᠥᠭᠡᠬᠦ ᠬᠠᠳᠠᠭᠠᠯᠠᠬᠳᠠᠨ ᠦᠯᠡᠳᠡᠬᠦ ᠶᠢ ᠪᠠᠭᠠᠰᠬᠠᠨ᠎ᠡ᠄ ᠺᠠᠯᠢ ᠶᠢᠨ ᠡᠯᠧᠮᠧᠨᠲ ᠨᠢ ᠥᠭᠡᠬᠦ ᠴᠢᠰᠤᠨ ᠰᠤᠳᠠᠯ ᠤᠨ ᠲᠤᠳᠤᠷ ᠬᠠᠨ᠎ᠠ ᠳᠤ ᠨᠠᠭᠠᠯᠳᠤᠬᠤ᠂ ᠴᠢᠰᠤᠨ ᠰᠤᠳᠠᠯ ᠢ ᠬᠡᠮᠳᠦᠭᠡᠵᠦ ᠬᠠᠳᠠᠭᠤᠷᠠᠭᠤᠯᠬᠤ ᠶᠢ ᠰᠡᠷᠭᠡᠶᠢᠯᠡᠬᠦ ᠳᠤ ᠲᠤᠰᠠᠯᠠᠨ᠎ᠠ᠃    ᠺᠠᠯᠢ ᠨᠢ ᠵᠢᠷᠦᠬᠡᠨ ᠯᠤᠭᠰᠢᠯᠲᠠ ᠶᠢ ᠲᠣᠬᠢᠷᠠᠭᠤᠯᠤᠨ᠎ᠠ᠄ ᠵᠢᠷᠦᠬᠡᠨ ᠤ ᠬᠡᠪ ᠤᠨ ᠯᠣᠭᠰᠢᠯᠲᠠ ᠪᠠ ᠪᠤᠯᠴᠢᠩ ᠨᠢ ᠬᠡᠪ ᠤᠨ ᠠᠪᠴᠢᠯᠲᠠ ᠳᠤ ᠪᠦᠷ ᠺᠠᠯᠢ᠂ ᠨᠠᠲᠷᠢ ᠵᠡᠷᠭᠡ ᠢᠶᠤᠨ ᠤ ᠬᠠᠮᠵᠢᠯᠴᠠᠬᠤ ᠦᠢᠯᠡᠳᠦᠯ ᠳᠤ ᠲᠦᠰᠢᠭᠯᠡᠵᠦ ᠪᠠᠶᠢᠳᠠᠭ᠃ ᠡᠭᠦᠨ ᠠᠴᠠ ᠭᠠᠳᠠᠨ᠎ᠠ᠂ ᠺᠠᠯᠢ ᠨᠢ ᠪᠠᠰᠠ ᠪᠡᠶ᠎ᠡ ᠶᠢᠨ ᠲᠤᠳᠤᠷᠠᠬᠢ ᠠᠷᠤᠭ ᠶᠠᠰᠤ ᠪᠣᠯᠤᠨ ᠪᠤᠯᠴᠢᠩ ᠤᠨ ᠬᠥᠳᠡᠯᠭᠡᠭᠡᠨ ᠬᠢᠬᠦ᠂ ᠵᠢᠷᠦᠬᠡᠨ ᠤ ᠪᠤᠯᠴᠢᠩ ᠤᠨ ᠬᠡᠪ ᠤᠨ ᠪᠤᠰᠤ ᠪᠠᠶᠢᠳᠠᠯ ᠢ ᠰᠡᠷᠭᠡᠶᠢᠯᠡᠬᠦ ᠡᠭᠦᠷᠭᠡ ᠡᠭᠦᠷᠭᠡᠯᠡᠵᠦ ᠪᠠᠶᠢᠳᠠᠭ᠃    ᠺᠠᠯᠢ ᠨᠢ ᠨᠠᠲᠷᠢ ᠶᠢ ᠰᠢᠭᠡᠰᠦᠨ ᠠᠴᠠ ᠭᠠᠷᠭᠠᠬᠤ ᠶᠢ ᠠᠬᠢᠭᠤᠯᠬᠤ ᠶᠢᠨ ᠬᠠᠮᠳᠤ ᠪᠥᠭᠡᠷ᠎ᠡ ᠶᠢᠨ ᠡᠳ᠋ — ᠴᠢᠰᠤᠨ ᠰᠤᠳᠠᠰᠤᠨ ᠤ ᠡᠷᠴᠢᠮᠯᠢᠭ ᠡᠳ᠋ ᠤᠨ ᠰᠢᠰᠲ᠋ᠧᠮ ᠢ ᠬᠤᠷᠢᠭᠯᠠᠵᠤ᠂ ᠡᠭᠦᠨ ᠤ ᠤᠯᠠᠮ ᠢᠶᠠᠷ ᠴᠢᠰᠤᠨ ᠰᠤᠳᠠᠰᠤᠨ ᠤ ᠳᠠᠷᠤᠯᠲᠠ ᠶᠢ ᠪᠠᠭᠤᠷᠠᠭᠤᠯᠳᠠᠭ᠃ ᠲᠤᠰ ᠰᠢᠰᠲ᠋ᠧᠮ ᠪᠣᠯ ᠬᠦᠮᠦᠨ ᠤ ᠪᠡᠶ᠎ᠡ ᠶᠢᠨ ᠰᠢᠩᠭᠡᠨ ᠢ ᠵᠣᠬᠢᠴᠠᠭᠤᠯᠬᠤ ᠴᠢᠬᠤᠯᠠ ᠰᠢᠰᠲ᠋ᠧᠮ ᠪᠤᠯᠤᠨ᠎ᠠ᠂ ᠬᠡᠲᠦᠷᠬᠡᠢ ᠢᠳᠡᠪᠬᠢᠵᠢᠭᠦᠯᠬᠦ ᠳᠤ ᠬᠦᠷᠪᠡᠯ ᠴᠢᠰᠤᠨ ᠳᠠᠷᠤᠯᠲᠠ ᠥᠨᠳᠥᠷ ᠪᠤᠯᠬᠤ  ᠶᠢᠨ ᠨᠢᠭᠡ ᠰᠢᠯᠲᠠᠭᠠᠨ ᠪᠤᠯᠬᠤ ᠪᠣᠯᠤᠨ᠎ᠠ᠃    ᠲᠤᠣᠷᠠᠬᠢ ᠬᠡᠳᠦᠨ ᠲᠦᠷᠦᠯ ᠤᠨ ᠬᠦᠮᠦᠨ ᠺᠠᠯᠢ ᠨᠥᠬᠦᠪᠥᠷᠢᠯᠡᠬᠦ ᠶᠢ ᠤᠨᠴᠠᠭᠠᠢ ᠠᠩᠬᠠᠷᠬᠤ ᠬᠡᠷᠡᠭᠲᠡᠢ᠃    1. ᠴᠢᠰᠤᠨ ᠳᠠᠷᠤᠯᠲᠠ ᠪᠠᠷᠢᠮᠵᠢᠶ᠎ᠠ ᠬᠡᠲᠦᠷᠡᠭᠰᠡᠨ ᠬᠦᠮᠦᠨ    2. ᠢᠳᠡᠪᠠᠯ ᠠᠮᠠᠷᠬᠠᠨ ᠲᠠᠷᠭᠤᠯᠠᠳᠠᠭ ᠬᠦᠮᠦᠨ    3. ᠠᠮᠠᠷᠬᠠᠨ ᠰᠠᠭᠤᠯᠭᠠᠳᠠᠭ ᠬᠦᠮᠦᠨ    4. ᠬᠦᠯᠦᠰᠦ ᠠᠷᠪᠢᠨ ᠭᠠᠷᠳᠠᠭ ᠬᠦᠮᠦᠨ    5. ᠤᠳᠠᠭᠠᠨ ᠴᠢᠨᠠᠷᠲᠠᠢ ᠬᠡᠰᠡᠭ ᠡᠪᠡᠳᠴᠢᠲᠡᠨ    ᠰᠢᠮ᠎ᠡ ᠲᠡᠵᠢᠭᠡᠯ ᠤᠨ ᠲᠤᠰᠬᠠᠶ ᠮᠡᠷᠭᠡᠵᠢᠯᠲᠡᠨ ᠠᠴᠠ ᠢᠳᠡᠭᠡᠨ ᠤᠮᠳᠠᠭᠠᠨ ᠢᠶᠠᠷ ᠺᠠᠯᠢ ᠨᠦᠬᠦᠬᠦ ᠠᠷᠭ᠎ᠠ ᠶᠢ ᠲᠠᠨᠢᠯᠴᠠᠭᠤᠯᠪᠠ᠄    ·ᠡᠳᠦᠷ ᠪᠦᠷᠢ ᠨᠢᠭᠡ ᠵᠢᠩ ᠢᠳᠡᠰᠢᠨ ᠨᠣᠭᠤᠭ᠎ᠠ᠂ ᠬᠠᠭᠠᠰ ᠵᠢᠩ ᠵᠢᠮᠢᠰ ᠢᠳᠡᠵᠦ᠂ ᠠᠯᠢ ᠴᠢᠳᠠᠬᠤ ᠪᠠᠷ ᠨᠢᠭᠡ ᠬᠤᠶᠠᠷ ᠵᠦᠢᠯ ᠤᠨ ᠺᠠᠯᠢ ᠶᠡᠬᠡᠳᠡᠢ ᠢᠳᠡᠰᠢᠨ ᠨᠣᠭᠤᠭ᠎ᠠ ᠢᠳᠡᠵᠦ᠂ ᠺᠠᠯᠢ ᠶᠢᠨ ᠰᠢᠮ᠎ᠡ ᠲᠡᠵᠢᠭᠡᠯ ᠤᠨ ᠡᠳ᠋ ᠤᠨ ᠨᠢᠭᠲᠠᠴᠠ ᠪᠠᠷ ᠨᠡᠯᠢᠶᠡᠳ ᠥᠨᠳᠥᠷ ᠵᠢᠮᠢᠰ ᠦᠷᠭᠦᠯᠵᠢ ᠢᠳᠡᠬᠦ ᠬᠡᠷᠡᠭᠳᠡᠢ᠃    ·ᠡᠳᠦᠷ ᠪᠦᠷᠢ ᠠᠳᠠᠭ ᠲᠠᠭᠠᠨ 300 ᠭᠷᠠᠮ ᠴᠡᠪᠡᠷ ᠰᠦ ᠪᠤᠶᠤ ᠡᠭᠡᠳᠡᠭᠰᠡᠨ ᠰᠦ ᠤᠣᠭᠤᠬᠤ ᠭᠡᠷᠡᠭᠳᠡᠢ︔    ·ᠭᠤᠤᠯ ᠢᠳᠡᠭᠡᠨ ᠳᠡᠭᠡᠨ 1/3~1/2  ᠬᠤᠪᠢ ᠶᠢᠨ ᠪᠤᠷᠴᠠᠭ ᠤᠨ ᠵᠦᠢᠯ ᠪᠠ ᠪᠦᠬᠦ ᠠᠮᠤ ᠶᠢᠨ ᠵᠤᠶᠢᠯᠡᠰ ᠢ ᠢᠳᠡᠵᠦ᠂ ᠡᠳᠦᠷ ᠪᠦᠷᠢ 50 ~ 150 ᠭᠷᠠᠮ ᠢᠳᠡᠬᠦ ᠭᠡᠷᠡᠭᠳᠡᠢ︔    ·ᠡᠳᠦᠷ ᠪᠦᠷᠢ 50 ~100 ᠭᠷᠡᠮ ᠲᠦᠮᠦᠰᠦᠨ ᠤ ᠲᠦᠷᠦᠯ ᠢᠳᠡᠬᠦ ᠭᠡᠷᠡᠭᠳᠡᠢ︔    ·ᠵᠦᠢᠯ ᠪᠦᠷᠢ ᠶᠢᠨ ᠮᠢᠬ᠎ᠠ ᠶᠢ ᠡᠭᠡᠯᠵᠢᠯᠡᠨ ᠢᠳᠡᠵᠦ᠂ ᠡᠳᠦᠷ ᠪᠦᠷᠢ 70 ~150 ᠭᠷᠠᠮ ᠢᠳᠡᠵᠦ᠂ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠬᠡᠷᠡᠭᠳᠡᠢ᠃    ·ᠴᠢᠰᠤᠨ ᠳᠠᠷᠤᠯᠲᠠ ᠥᠨᠳᠥᠷ ᠡᠪᠡᠳᠴᠢᠲᠡᠨ ᠢᠳᠡᠰᠢᠨ ᠨᠣᠭᠤᠭ᠎ᠠ᠂ ᠵᠢᠮᠢᠰ ᠵᠢᠴᠢ ᠬᠤᠯᠢᠮᠠᠭ ᠠᠮᠤ ᠵᠤᠬᠢᠬᠤ ᠬᠡᠮᠵᠢᠶ᠎ᠡ ᠪᠠᠷ ᠢᠳᠡᠵᠦ᠂ ᠡᠩ ᠤᠨ ᠳᠠᠪᠤᠰᠤ ᠢᠳᠡᠵᠦ ᠪᠠᠶᠢᠬᠰᠠᠨ ᠢᠶᠠᠨ ᠨᠠᠲᠷᠢ ᠪᠠᠭ᠎ᠠ ᠺᠠᠯᠢ ᠶᠡᠭᠡ ᠳᠠᠪᠤᠰᠤ ᠢᠳᠡᠬᠦ ᠪᠣᠯᠭᠠᠨ ᠬᠤᠪᠢᠷᠠᠭᠤᠯᠵᠤ ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号