ᠣᠶᠢᠷ᠎ᠠ ᠳᠤ᠂ ᠵᠧᠵᠢᠶᠠᠩ ᠮᠤᠵᠢ ᠶᠢᠨ ᠸᠧᠨᠵᠸᠦ ᠬᠤᠲᠠ ᠶᠢᠨ ᠯᠢᠨ ᠤᠪᠤᠬᠳᠤ ᠨᠠᠰᠤᠲᠠᠨ ᠪᠣᠯᠤᠨ ᠲᠡᠭᠦᠨ ᠤ | ᠡᠪᠦᠭᠡᠨ ᠯᠦᠸᠧ ᠨᠠᠰᠤᠲᠠᠨ ᠢ ᠪᠠᠶᠢᠴᠠᠭᠠᠯᠲᠠ ᠬᠢᠭᠰᠡᠨ ᠤ ᠳᠠᠷᠠᠭ᠎ᠠ ᠬᠤᠶᠠᠭᠤᠯᠠ ᠪᠠᠨ ᠪᠦᠷ ᠤᠯᠠᠭᠠᠨ ᠬᠤᠭᠤᠯᠠᠶ ᠶᠢᠨ | ᠥᠮᠡᠨ ᠭᠡᠵᠦ ᠣᠨᠣᠰᠢᠯᠠᠨ ᠲᠤᠳᠤᠯᠠᠪᠠ᠃ ᠡᠮᠴᠢ ᠡᠪᠡᠳᠴᠢᠳᠠᠨ ᠤ ᠪᠠᠶᠢᠳᠠᠯ ᠢ ᠤᠶᠢᠯᠠᠭᠠᠬᠤ ᠪᠠᠷ ᠲᠠᠮᠵᠢᠨ᠂ ᠡᠨᠡ | ᠡᠷ᠎ᠡ ᠡᠮ᠎ᠡ ᠬᠤᠶᠠᠭᠤᠯᠠ ᠬᠠᠮᠲᠤ ᠶᠢᠨ ᠠᠮᠢᠳᠤᠷᠠᠯ ᠤᠨ ᠳᠠᠳᠬᠠᠯ ᠪᠠ ᠲᠡᠳᠡᠨ ᠤ ᠣᠷᠣᠰᠢᠨ ᠰᠠᠭᠤᠵᠤ ᠪᠠᠶᠢᠭ᠎ᠠ | ᠳᠠᠯᠠᠢ ᠶᠢᠨ ᠠᠷᠠᠯ ᠤᠨ ᠠᠭᠤᠷ ᠠᠮᠢᠰᠬᠤᠯ ᠬᠦᠢᠲᠡᠨ ᠠᠴᠠ ᠪᠣᠯᠵᠤ᠂ ᠲᠡᠳᠡ ᠪᠠᠷᠤᠭ ᠴᠠᠭ ᠪᠦᠷᠢ ᠪᠤᠴᠠᠯᠤᠮ᠎ᠠ | ᠬᠠᠯᠠᠭᠤᠨ ᠬᠤᠭᠤᠯᠠ ᠢᠳᠡᠵᠦ᠂ ᠯᠢᠨ ᠡᠮᠡᠭᠡ ᠪᠠᠰᠠ ᠬᠠᠯᠠᠭᠤᠨ ᠴᠠᠢ ᠤᠤᠭᠤᠬᠤ ᠳᠤᠷᠠᠲᠠᠢ ᠪᠠᠶᠢᠳᠠᠭ ᠢ ᠤᠯᠵᠤ | ᠮᠡᠳᠡᠵᠡᠢ᠃ | ᠡᠮᠴᠢ ᠶᠢᠨ ᠬᠡᠯᠡᠬᠦ ᠪᠠᠷ᠂ ᠤᠯᠠᠭᠠᠨ ᠬᠤᠭᠤᠯᠠᠶ ᠶᠢᠨ ᠳᠣᠲᠣᠷ ᠬᠠᠨ᠎ᠠ ᠶᠢᠨ ᠬᠠᠯᠠᠭᠤᠨ ᠢ ᠲᠠᠭᠠᠭᠠᠬᠤ | ᠬᠡᠮᠵᠢᠶ᠎ᠡ ᠨᠢ 40 ℃— 60℃ ᠪᠠᠶᠢᠳᠠᠭ᠃ ᠤᠷᠲᠤ ᠬᠤᠭᠤᠴᠠᠭ᠎ᠠ ᠪᠠᠷ ᠳᠠᠬᠢᠨ ᠳᠠᠪᠲᠠᠨ ᠬᠠᠯᠠᠭᠤᠨ ᠰᠡᠳᠦᠯᠲᠡ | ᠥᠭᠬᠦ ᠨᠢ ᠤᠯᠠᠭᠠᠨ ᠬᠤᠭᠤᠯᠠᠢ ᠶᠢᠨ ︽ᠰᠠᠯᠢᠰᠤᠲᠤ ᠪᠦᠷᠬᠦᠪᠴᠢ ᠶᠢᠨ ᠬᠠᠯᠬᠠᠪᠴᠢ︾ ᠶᠢ ᠡᠪᠳᠡᠵᠦ᠂ ᠰᠠᠯᠢᠰᠤᠲᠤ | ᠪᠦᠷᠬᠦᠪᠴᠢ ᠶᠢᠨ ᠤᠰᠤᠨ ᠬᠠᠪᠤᠩ ᠢ ᠡᠭᠦᠰᠭᠡᠵᠦ᠂ ᠣᠨᠳᠣᠣ ᠬᠡᠯᠪᠡᠷᠢ ᠶᠢᠨ ᠴᠢᠨᠠᠷᠳᠠᠢ ᠬᠤᠪᠢᠷᠠᠯᠲᠠ ᠶᠢ ᠡᠭᠦᠰᠭᠡᠵᠦ᠂ | ᠨᠡᠶᠢᠲᠡᠯᠢᠭ ᠪᠤᠰᠤ ᠳᠠᠬᠢᠨ ᠲᠥᠯᠵᠢᠯᠳᠡ ᠶᠢ ᠪᠤᠢ ᠪᠤᠯᠭᠠᠵᠤ᠂ ᠡᠴᠦᠰ ᠲᠡᠭᠡᠨ ᠥᠮᠡᠨ ᠢ ᠡᠭᠦᠰᠭᠡᠵᠦ᠂ ᠴᠢᠨᠠᠭᠰᠢᠯᠠᠪᠠᠯ | ᠦᠬᠦᠭᠦᠯᠳᠡᠭ᠃ | ᠶᠠᠭᠠᠬᠢᠪᠡᠯ ᠠᠮᠠᠷᠬᠠᠨ ᠤᠯᠠᠭᠠᠨ ᠬᠤᠭᠤᠯᠠᠶ ᠶᠢᠨ ᠥᠮᠡᠨ ᠣᠯᠳᠠᠭ ᠪᠣᠶ︖ | ·ᠳᠠᠪᠤᠰᠤᠯᠠᠭᠰᠠᠨ ᠨᠣᠭᠤᠭ᠎ᠠ ᠶᠢ ᠤᠷᠲᠤ ᠬᠤᠭᠤᠴᠠᠭ᠎ᠠ ᠪᠠᠷ ᠢᠳᠡᠪᠡᠯ ᠤᠯᠠᠭᠠᠨ ᠬᠤᠭᠤᠯᠠᠶ ᠶᠢᠨ ᠥᠮᠡᠨ ᠳᠤ | ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ᠃ | ·ᠪᠦᠬᠦᠯᠢ ᠬᠠᠭ᠋ᠤᠯᠢ ᠪᠠᠷ ᠵᠠᠯᠭᠢᠬᠤ ᠨᠢ ᠪᠠᠰᠠ ᠤᠯᠠᠭᠠᠨ ᠬᠤᠭᠤᠯᠠᠶ ᠶᠢᠨ ᠥᠮᠡᠨ ᠣᠯᠬᠤ ᠲᠦᠭᠰᠢᠭᠦᠷᠢ ᠶᠢ | ᠨᠡᠮᠡᠭᠳᠡᠭᠦᠯᠦᠨ᠎ᠡ᠃ | ·ᠲᠠᠮᠠᠬᠢ ᠲᠠᠲᠠᠵᠤ ᠠᠷᠢᠬᠢ ᠤᠤᠭᠤᠬᠤ ᠨᠢ ᠤᠯᠠᠭᠠᠨ ᠬᠤᠭᠤᠯᠠᠶ ᠶᠢᠨ ᠥᠮᠡᠨ ᠤ ᠴᠢᠬᠤᠯᠠ ᠥᠳᠥᠭᠡᠬᠦ | ᠰᠢᠯᠲᠠᠭᠠᠨ ᠤ ᠨᠢᠭᠡ ᠪᠤᠯᠤᠨ᠎ᠠ᠃ | ᠤᠯᠠᠭᠠᠨ ᠬᠤᠭᠤᠯᠠᠶ ᠶᠢᠨ ᠥᠮᠡᠨ ᠤ ᠳᠥᠷᠪᠡᠨ ᠶᠡᠭᠡ ᠳᠣᠬᠢᠶ᠎ᠠ ᠶᠢ ᠰᠡᠷᠡᠮᠵᠢᠯᠡ︕ | ᠤᠯᠠᠭᠠᠨ ᠬᠤᠭᠤᠯᠠᠢ ᠶᠢᠨ ᠲᠤᠳᠤᠷ᠎ᠠ ᠶᠠᠮᠠᠷ ᠨᠢᠭᠡᠨ ᠶᠠᠭᠤᠮ᠎ᠠ ᠪᠠᠶᠢᠬᠤ ᠰᠢᠭ᠋ ᠰᠠᠨᠠᠬᠳᠠᠬᠤ᠂ ᠵᠠᠯᠭᠢᠬᠤ ᠳᠤ | ᠬᠦᠴᠢᠷᠳᠡᠬᠦ᠂ ᠡᠪᠴᠢᠭᠦᠦ ᠶᠠᠰᠤᠨ ᠤ ᠠᠷᠤ ᠡᠪᠡᠳᠬᠦ᠂ ᠳᠠᠭᠤ ᠰᠥᠭᠡᠩᠭᠢᠲᠦᠬᠦ᠃ |