ᠲᠦᠷᠭᠡᠨ ᠴᠢᠨᠠᠷᠲᠠᠢ ᠬᠡᠢ ᠳᠦᠭᠦᠷᠬᠦ᠄ ᠡᠪᠦᠯ ᠤᠨ ᠤᠯᠠᠷᠢᠯ ᠳᠤ ᠬᠠᠰᠢᠶᠠᠯᠠᠨ ᠲᠡᠵᠢᠭᠡᠬᠦ ᠦᠶ᠎ᠡ ᠳᠤ ᠣᠷᠳᠣ | ᠬᠤᠭᠤᠴᠠᠭ᠎ᠠ ᠪᠠᠷ ᠬᠠᠭᠤᠷᠠᠢ ᠡᠪᠡᠰᠦ ᠲᠡᠵᠢᠭᠡᠳᠡᠭ ᠪᠣᠯᠬᠤᠷ᠂ ᠬᠤᠨᠢ ᠢᠮᠠᠭ᠎ᠠ ᠬᠠᠪᠤᠷ ᠤᠨ ᠤᠯᠠᠷᠢᠯ ᠳᠤ ᠬᠠᠶᠠ | ᠬᠥᠬᠡ ᠡᠪᠡᠰᠦ ᠢᠳᠡᠪᠡᠯ ᠠᠮᠠᠷᠬᠠᠨ ᠬᠡᠲᠦᠷᠡᠲᠡᠯ᠎ᠡ ᠢᠳᠡᠴᠢᠬᠡᠳᠡᠭ᠃ ᠬᠥᠬᠡ ᠡᠪᠡᠰᠦ ᠬᠤᠳᠣᠭᠤᠳᠤᠨ ᠳᠤ ᠮᠠᠰᠢ | ᠲᠦᠷᠭᠡᠨ ᠢᠰᠴᠦ᠂ ᠶᠡᠭᠡ ᠬᠡᠮᠵᠢᠶᠡᠨ ᠤ ᠬᠡᠢ ᠪᠡᠶᠡᠲᠦ ᠡᠭᠦᠰᠬᠡᠵᠦ᠂ ᠬᠤᠨᠢᠨ ᠤ ᠭᠦᠵᠡᠭᠡ ᠶᠢ ᠲᠡᠯᠡᠳᠡᠭ᠂ ᠬᠡᠷᠪᠡ | ᠴᠠᠭ ᠲᠤᠬᠠᠢ ᠳᠤᠨᠢ ᠠᠪᠤᠷᠠᠬᠤ ᠦᠭᠡᠢ ᠪᠤᠶᠤ ᠠᠪᠤᠷᠠᠬᠤ ᠠᠷᠭ᠎ᠠ ᠨᠢ ᠵᠣᠬᠢᠰ ᠦᠭᠡᠢ ᠪᠣᠯ ᠬᠤᠨᠢ ᠦᠬᠦᠳᠡᠭ ᠪᠠᠶᠢᠨ᠎ᠠ᠃ | ᠡᠮᠨᠡᠨ ᠵᠠᠰᠠᠬᠤ ᠠᠷᠭ᠎ᠠ᠄ ᠤᠳᠠ ᠮᠣᠳᠣᠨ ᠤ ᠰᠢᠳᠠᠮ ᠢ ᠬᠤᠨᠢᠨ ᠤ ᠠᠮᠠᠨ ᠳᠤ ᠵᠠᠭᠤᠯᠭᠠᠵᠤ᠂ ᠬᠤᠶᠠᠷ | ᠦᠵᠦᠭᠦᠷ ᠢ ᠨᠢ ᠳᠡᠭᠡᠰᠦ ᠪᠠᠷ ᠬᠤᠨᠢᠨ ᠤ ᠲᠣᠯᠣᠭᠠᠢ ᠳᠤ ᠤᠶᠠᠵᠤ᠂ ᠬᠤᠨᠢ ᠶᠢ ᠵᠠᠵᠢᠯᠤᠭᠤᠯᠬᠤ ᠶᠢᠨ ᠬᠠᠮᠲᠤ | ᠭᠠᠷ ᠢᠶᠠᠷ ᠢᠶᠠᠨ ᠴᠡᠭᠡᠵᠢᠨ ᠤ ᠵᠡᠭᠦᠨ ᠬᠡᠰᠡᠭ ᠢ ᠨᠢ ᠢᠯᠢᠵᠦ ᠨᠤᠬᠤᠯᠠᠨ᠂ ᠬᠡᠶᠢᠯᠡᠬᠦ ᠳᠤᠨᠢ ᠲᠤᠰᠠᠯᠠᠨ᠎ᠠ᠃ ᠪᠠᠰᠠ 5 | — 10 ᠭᠤᠳᠣᠯᠢ ᠶᠠᠩᠵᠤᠤᠷ ᠲᠠᠮᠠᠬᠢ ᠶᠢ ᠵᠠᠳᠠᠯᠵᠤ᠂ ᠬᠤᠶᠠᠷ ᠤᠳᠠᠭ᠎ᠠ ᠬᠤᠪᠢᠶᠠᠨ ᠬᠤᠨᠢᠨ ᠳᠤ ᠢᠳᠡᠭᠦᠯᠦᠨ᠎ᠡ᠂ | ᠢᠯᠡᠷᠡᠯ ᠨᠢ ᠬᠥᠩᠭᠡᠨ ᠬᠤᠨᠢ ᠲᠠᠮᠠᠬᠢ ᠢᠳᠡᠭᠰᠡᠨ ᠤ ᠳᠠᠷᠠᠭ᠎ᠠ ᠨᠢᠭᠡ ᠴᠠᠭ ᠤᠨ ᠳᠣᠲᠣᠷ᠎ᠠ ᠡᠳᠡᠭᠡᠷᠡᠴᠢᠬᠡᠨ᠎ᠡ᠂ ᠪᠠᠰᠠ | ᠰᠢᠨ᠎ᠡ ᠰᠣᠷᠭᠤᠭ ᠡᠪᠡᠰᠦ ᠮᠣᠳᠣᠨ ᠤ ᠦᠨᠡᠰᠦ 10 — 20 ᠭᠷᠡᠮ ᠢ 50 — 100 ᠮᠢᠯᠢᠯᠢᠳ᠋ᠷ | ᠤᠷᠭᠤᠮᠠᠯ ᠤᠨ ᠲᠣᠰᠣ ᠲᠠᠢ ᠬᠤᠯᠢᠵᠤ ᠤᠤᠭᠤᠯᠭᠠᠵᠤ ᠪᠣᠯᠣᠨ᠎ᠠ᠃ ᠬᠡᠷᠪᠡ ᠳᠡᠭᠡᠷᠡᠬᠢ ᠠᠷᠭ᠎ᠠ ᠶᠢ ᠬᠡᠷᠡᠭᠯᠡᠭᠰᠡᠨ ᠴᠦ | ᠲᠤᠰᠠ ᠭᠠᠷᠬᠤ ᠦᠭᠡᠢ ᠪᠣᠯ ᠮᠠᠯ ᠤᠨ ᠡᠮᠴᠢ ᠪᠠᠷ ᠵᠡᠭᠦᠦ ᠬᠠᠳᠬᠤᠭᠤᠯᠤᠨ ᠬᠡᠢ ᠶᠢ ᠨᠢ ᠲᠠᠯᠪᠢᠬᠤ ᠬᠡᠷᠡᠭᠲᠡᠢ᠃ | ᠬᠤᠣᠷᠳᠠᠯᠭ᠎ᠠ᠄ ᠬᠤᠨᠢ ᠢᠮᠠᠭ᠎ᠠ ᠲᠠᠷᠢᠶᠠᠯᠠᠩ ᠤᠨ ᠡᠮ ᠳᠤ ᠪᠣᠬᠢᠷᠲᠤᠭᠰᠠᠨ ᠬᠥᠬᠡ ᠡᠪᠡᠰᠦ᠂ ᠬᠤᠣᠷᠲᠤ | ᠬᠡᠭᠡᠷ᠎ᠡ ᠶᠢᠨ ᠨᠣᠭᠤᠭ᠎ᠠ ᠵᠡᠷᠭᠡ ᠶᠢ ᠢᠳᠡᠪᠡᠯ ᠬᠤᠣᠷᠳᠠᠭᠳᠠᠨ᠎ᠠ᠃ ᠡᠮᠨᠡᠨ ᠵᠠᠰᠠᠬᠤ ᠠᠷᠭ᠎ᠠ᠄ ᠤᠷᠢᠳ ᠢᠶᠠᠷ | ᠬᠢᠲᠤᠭ᠎ᠠ ᠪᠠᠷ ᠬᠤᠨᠢᠨ ᠤ ᠴᠢᠬᠢᠨ ᠤ ᠢᠷᠮᠡᠭ ᠢ ᠴᠤᠭᠤᠯᠬᠤ ᠪᠤᠶᠤ ᠬᠤᠨᠢᠨ ᠤ ᠠᠮᠠᠨ ᠳᠤ ᠮᠣᠳᠣᠨ ᠰᠢᠳᠠᠮ | ᠵᠠᠭᠤᠯᠭᠠᠵᠤ᠂ ᠬᠤᠣᠷᠲᠤ ᠰᠢᠩᠭᠡᠨ ᠢ ᠰᠢᠯᠦᠰᠦᠨ ᠤ ᠳᠠᠭᠠᠤ ᠭᠠᠳᠠᠭᠰᠢᠯᠠᠭᠤᠯᠵᠤ᠂ ᠳᠠᠷᠠᠭ᠎ᠠ ᠨᠢ 5 ᠥᠨᠳᠡᠭᠡᠨ ᠤ | ᠴᠠᠭᠠᠨ ᠢ ᠤᠤᠭᠤᠯᠭᠠᠬᠤ ᠶᠢᠨ ᠬᠠᠮᠲᠤ ᠠᠷᠠᠰᠤᠨ ᠳᠣᠣᠷ᠎ᠠ ᠠᠳ᠋ᠷᠤᠫᠢᠨ ᠢ 2 — 5 ᠮᠢᠯᠢᠯᠢᠳ᠋ᠷ ᠲᠠᠷᠢᠨ᠎ᠠ᠃ | ᠬᠢᠮᠤᠷᠠᠭ᠎ᠠ᠄ ᠬᠠᠪᠤᠷ ᠤᠨ ᠤᠯᠠᠷᠢᠯ ᠳᠤ ᠭᠡᠨᠡᠳᠲᠡ ᠬᠠᠯᠠᠭᠤᠨ ᠭᠡᠨᠡᠳᠲᠡ ᠬᠦᠢᠲᠡᠷᠡᠵᠦ᠂ ᠬᠤᠨᠢ ᠢᠮᠠᠭ᠎ᠠ | ᠠᠮᠠᠷᠬᠠᠨ ᠬᠢᠮᠤᠷᠠᠨ᠎ᠠ᠃ ᠡᠮᠨᠡᠨ ᠵᠠᠰᠠᠬᠤ ᠠᠷᠭ᠎ᠠ᠄ ᠡᠪᠡᠳᠴᠢᠨ ᠲᠠᠢ ᠬᠤᠨᠢᠨ ᠳᠤ ᠠᠮᠢᠨᠤᠫᠢᠷᠢᠨ ᠪᠤᠶᠤ ᠠᠨᠨᠠᠢ | ᠣᠷᠴᠢᠮ ᠤᠨ 5 — 10 ᠮᠢᠯᠢᠯᠢᠳ᠋ᠷ᠂ ᠫᠧᠨᠢᠼᠢᠯᠢᠨ 160 ᠲᠦᠮᠡᠨ ᠣᠯᠠᠨ ᠤᠯᠤᠰ ᠤᠨ ᠨᠢᠭᠡᠴᠢ᠂ ᠯᠢᠶᠠᠨ ᠮᠧᠶ | ᠰᠦ᠋ 50 ᠲᠦᠮᠡᠨ ᠣᠯᠠᠨ ᠤᠯᠤᠰ ᠤᠨ ᠨᠢᠭᠡᠴᠢ᠂ ᠪᠠᠰᠠ ᠲᠦᠭᠦᠬᠡᠢ ᠭᠠ 100 ᠭᠷᠡᠮ᠂ ᠰᠣᠩᠭᠢᠨ᠎ᠠ 2 ᠶᠢ | ᠨᠢᠴᠠᠯᠤᠨ ᠴᠢᠨᠠᠵᠤ᠂ 50 — 100 ᠭᠷᠡᠮ ᠪᠤᠷᠠᠮ ᠨᠡᠮᠡᠵᠦ ᠡᠳᠦᠷ ᠲᠤ 2 ᠤᠳᠠᠭ᠎ᠠ ᠤᠤᠭᠤᠯᠭᠠᠵᠤ᠂ | ᠵᠠᠯᠭᠠᠭᠠᠳ 2 ᠡᠳᠦᠷ ᠤᠤᠭᠤᠯᠭᠠᠨ᠎ᠠ᠃ | ᠰᠠᠭᠤᠯᠭᠠᠬᠤ᠄ ᠬᠠᠪᠤᠷ ᠤᠨ ᠤᠯᠠᠷᠢᠯ ᠳᠤ ᠬᠤᠨᠢ ᠢᠮᠠᠭ᠎ᠠ ᠭᠡᠨᠡᠳᠲᠡ ᠬᠥᠬᠡ ᠡᠪᠡᠰᠦ ᠢᠳᠡᠪᠡᠯ᠂ ᠬᠤᠳᠣᠭᠤᠳᠤ | ᠭᠡᠳᠡᠰᠦ ᠳᠠᠳᠬᠤ ᠦᠭᠡᠢ ᠪᠠᠶᠢᠵᠤ᠂ ᠠᠮᠠᠷᠬᠠᠨ ᠰᠠᠭᠤᠯᠭᠠᠨ᠎ᠠ᠃ ᠵᠠᠰᠠᠬᠤ ᠠᠷᠭ᠎ᠠ᠄ ᠬᠥᠬᠡ ᠡᠪᠡᠰᠦ᠂ ᠬᠠᠭᠤᠷᠠᠢ | ᠡᠪᠡᠰᠦ ᠶᠢ ᠬᠠᠪᠰᠤᠷᠭᠠᠨ ᠲᠡᠵᠢᠭᠡᠵᠦ᠂ ᠬᠤᠨᠢᠨ ᠤ ᠬᠤᠳᠣᠭᠤᠳᠤ ᠭᠡᠳᠡᠰᠦ ᠶᠢ ᠠᠭᠠᠵᠢᠮ ᠢᠶᠠᠷ ᠵᠣᠬᠢᠴᠠᠭᠤᠯᠤᠨ᠎ᠠ᠃ | ᠰᠠᠭᠤᠯᠭᠠᠭᠰᠠᠨ ᠤ ᠳᠠᠷᠠᠭ᠎ᠠ ᠬᠤᠨᠢᠨ ᠳᠤ ᠭᠧᠨ᠋ᠲ᠋ᠠᠮᠢᠼᠢᠨ ᠤᠤᠭᠤᠯᠭᠠᠨ᠎ᠠ᠃ | ᠮᠥᠯᠵᠢᠭᠦᠷ ᠬᠤᠷᠣᠬᠠᠢ ᠶᠢᠨ ᠡᠪᠡᠳᠴᠢᠨ᠄ ᠬᠠᠪᠤᠷ ᠤᠨ ᠤᠯᠠᠷᠢᠯ ᠳᠤ᠂ ᠬᠤᠨᠢ ᠢᠮᠠᠭ᠎ᠠ ᠪᠡᠯᠴᠢᠭᠡᠷᠯᠡᠬᠦ | ᠶᠠᠪᠤᠴᠠ ᠳᠠᠭᠠᠨ ᠨᠠᠭᠤᠷ ᠤᠨ ᠤᠰᠤ᠂ ᠪᠤᠵᠠᠷ ᠡᠪᠡᠰᠦ ᠢᠳᠡᠵᠦ᠂ ᠮᠥᠯᠵᠢᠭᠦᠷ ᠬᠤᠷᠣᠬᠠᠢ ᠶᠢᠨ ᠡᠪᠡᠳᠴᠢᠨ ᠳᠤ | ᠠᠮᠠᠷᠬᠠᠨ ᠨᠡᠷᠪᠡᠭᠳᠡᠨ᠎ᠡ᠃ ᠡᠶᠢᠮᠦ ᠠᠴᠠ 3 — 4 ᠰᠠᠷ᠎ᠠ ᠳᠤ ᠬᠤᠨᠢᠨ ᠰᠦᠷᠦᠭ ᠤᠨ ᠬᠤᠷᠣᠬᠠᠢ ᠶᠢ ᠬᠥᠭᠡᠭᠡᠬᠦ | ᠬᠡᠷᠡᠭᠲᠡᠢ᠃ ᠬᠤᠷᠣᠬᠠᠢ ᠬᠥᠭᠡᠭᠡᠬᠦ ᠠᠷᠭ᠎ᠠ᠄ ᠪᠡᠶ᠎ᠡ ᠶᠢᠨ ᠳᠣᠲᠣᠷᠠᠬᠢ ᠮᠥᠯᠵᠢᠭᠦᠷ ᠬᠤᠷᠣᠬᠠᠢ ᠶᠢ ᠬᠥᠭᠡᠭᠡᠬᠦ ᠳᠤ ᠵᠡᠭᠦᠨ | ᠡᠷᠭᠢᠯᠭᠡᠲᠦ ᠢᠮᠢᠳᠠᠽᠤᠯ᠂ ᠤᠯᠠᠭᠠᠨ ᠬᠦᠬᠦᠷ ᠢᠮᠢᠳᠠᠽᠤᠯ᠂ ᠬᠤᠷᠣᠬᠠᠢ ᠠᠯᠠᠬᠤ ᠤᠳᠤᠨ ᠵᠡᠷᠭᠡ ᠡᠮ ᠢ ᠬᠡᠷᠡᠭᠯᠡᠨ᠎ᠡ᠃ | ᠪᠡᠶ᠎ᠡ ᠶᠢᠨ ᠭᠠᠳᠠᠨᠠᠬᠢ ᠮᠥᠯᠵᠢᠭᠦᠷ ᠬᠤᠷᠣᠬᠠᠢ ᠶᠢ ᠬᠥᠭᠡᠭᠡᠬᠦ ᠳᠤ ᠳ᠋ᠢ ᠪᠠᠢ ᠴᠥᠩ ᠲᠠᠢ ᠪᠦᠯᠢᠶᠡᠨ ᠤᠰᠤ ᠪᠠᠷ | ᠬᠤᠨᠢ ᠶᠢ ᠤᠬᠢᠶᠠᠬᠤ ᠪᠤᠶᠤ ᠱᠢ ᠽᠣᠣ ᠱᠠ ᠡᠦ ᠳ᠋ᠢ ᠨᠤᠨᠳᠠᠭ ᠵᠡᠷᠭᠡ ᠡᠮ ᠢ ᠬᠡᠷᠡᠭᠯᠡᠨ᠎ᠡ᠃ |