ᠬᠤᠶᠠᠳᠤᠭᠠᠷ ᠰᠠᠷ᠎ᠠ ᠶᠢᠨ ᠬᠤᠶᠠᠷ ᠯᠣᠣ ᠲᠣᠯᠣᠭᠠᠢ ᠥᠨᠳᠡᠶᠢᠨᠡ᠂ ᠶᠡᠷᠦ ᠳᠡᠭᠡᠨ ︽ᠬᠠᠪᠤᠷ ᠯᠣᠣ ᠶᠢᠨ ᠪᠠᠶᠠᠷ︾ | ᠂ ︽ᠯᠣᠣ ᠶᠢᠨ ᠪᠠᠶᠠᠷ︾ ᠭᠡᠳᠡᠭ᠂ ᠤᠯᠠᠮᠵᠢᠯᠠᠯ ᠶᠠᠷᠢᠶᠠᠨ ᠳᠤ ᠯᠣᠣ ᠲᠣᠯᠣᠭᠠᠢ ᠥᠨᠳᠡᠶᠢᠬᠦ ᠡᠳᠦᠷ᠂ ᠳᠤᠮᠳᠠᠳᠤ | ᠤᠯᠤᠰ ᠤᠨ ᠤᠯᠠᠮᠵᠢᠯᠠᠯᠲᠤ ᠪᠠᠶᠠᠷ ᠤᠨ ᠡᠳᠦᠷ ᠪᠣᠯᠤᠨ᠎ᠠ᠃ ᠤᠮᠠᠷᠠᠲᠤ ᠬᠢᠯᠢ ᠶᠢᠨ ᠰᠣᠶᠣᠯ ᠢ ᠤᠯᠠᠮ ᠴᠢᠨᠠᠭᠰᠢᠳᠠ | ᠪᠠᠳᠠᠷᠠᠭᠤᠯᠬᠤ ᠶᠢᠨ ᠲᠥᠯᠥᠭᠡ᠂ 3 ᠰᠠᠷ᠎ᠠ ᠶᠢᠨ 1 ᠤ ᠡᠳᠦᠷ᠂ ᠲᠦᠴᠢᠦᠸᠠᠨ ᠰᠢᠶᠠᠨ ᠤ ᠰᠣᠶᠣᠯ ᠵᠢᠭᠤᠯᠴᠢᠯᠠᠯ | ᠪᠡᠶ᠎ᠡ ᠶᠢᠨ ᠲᠠᠮᠢᠷ ᠤᠨ ᠲᠣᠪᠴᠢᠶ᠎ᠠ ᠲᠦᠴᠢᠦᠸᠠᠨ ᠰᠢᠶᠠᠨ ᠤ ᠠᠷᠠᠳ ᠤᠨ ᠵᠠᠩ ᠦᠢᠯᠡ ᠶᠢᠨ ᠪᠣᠳᠠᠰ ᠤᠨ ᠪᠤᠰᠤ | ᠰᠣᠶᠣᠯ ᠤᠨ ᠥᠪ ᠤᠨ ᠪᠡᠶᠡᠴᠢᠯᠡᠨ ᠣᠶᠢᠯᠠᠭᠠᠬᠤ ᠣᠷᠳᠣᠨ ᠲᠠᠢ ᠬᠠᠮᠲᠤᠷᠠᠨ ᠰᠠᠶᠢᠨᠬᠤᠸᠠᠷ ᠲᠣᠭᠤᠷᠢᠭ ᠲᠤ ︽ | ᠥᠪᠥᠷ ᠮᠣᠩᠭᠤᠯ ᠢᠶᠠᠷ ᠲᠠᠭᠤᠯᠠᠨ ᠵᠤᠭᠠᠴᠠᠵᠤ ᠬᠡᠯᠡᠨ ᠤ ᠦᠵᠦᠭᠦᠷ ᠤᠨ ᠯᠣᠤ ᠲᠣᠯᠣᠭᠠᠶ ᠡᠷᠭᠦᠬᠦ︾ ᠭᠤᠣᠯ | ᠰᠡᠳᠦᠪᠲᠦ ᠠᠵᠢᠯᠯᠠᠭ᠎ᠠ ᠥᠷᠨᠢᠭᠦᠯᠵᠦ᠂ ᠥᠷᠭᠡᠨ ᠤᠯᠠᠨ ᠵᠤᠭᠠᠴᠠᠭᠰᠠᠳ ᠪᠠ ᠲᠤᠬᠠᠢ ᠶᠢᠨ ᠭᠠᠵᠠᠷ ᠤᠨ ᠰᠠᠭᠤᠭᠠᠯᠢ | ᠠᠷᠠᠳ ᠲᠤ ᠨᠢᠭᠡ ᠤᠳᠠᠭᠠᠨ ᠤ ᠭᠤᠶᠢᠳᠠ ᠰᠠᠶᠢᠬᠠᠨ ᠰᠣᠶᠣᠯ ᠤᠨ ᠦᠪᠡᠳᠡᠭᠰᠢ ᠨᠠᠶᠢᠷ ᠢ ᠳᠡᠯᠭᠡᠨ ᠦᠵᠡᠭᠦᠯᠵᠡᠢ᠃ | | ᠠᠵᠢᠯᠯᠠᠭ᠎ᠠ ᠶᠢᠨ ᠠᠬᠤᠶ ᠲᠠᠯᠠᠪᠠᠶ ᠳᠤ᠂ ᠠᠷᠠᠳ ᠤᠨ ᠵᠠᠩ ᠦᠶᠯᠡ ᠶᠢᠨ ᠲᠣᠭᠯᠠᠯᠲᠠ ᠭᠤᠶᠢᠳᠠ ᠰᠠᠶᠢᠬᠠᠨ | ᠶᠠᠪᠤᠭᠳᠠᠪᠠ᠃ ᠰᠦᠷ ᠵᠢᠪᠬᠤᠯᠠᠩᠲᠤ ᠠᠷᠰᠯᠠᠨ ᠪᠦᠵᠢᠭ ᠲᠠᠶᠢᠰᠠᠨ ᠳᠤ ᠭᠠᠷᠤᠮᠠᠭᠴᠠ᠂ ᠲᠤᠬᠠᠢ ᠶᠢᠨ ᠲᠠᠯᠠᠪᠠᠢ ᠶᠢᠨ | ᠠᠭᠤᠷ ᠠᠮᠢᠰᠬᠤᠯ ᠢ ᠬᠤᠷᠣᠮᠬᠠᠨ ᠵᠠᠭᠤᠷ᠎ᠠ ᠬᠥᠭᠵᠢᠭᠡᠪᠡ᠃ ᠲᠡᠭᠦᠨ ᠤ ᠳᠠᠷᠠᠭ᠎ᠠ ᠶᠠᠩᠭᠠᠷ ᠤᠨ ᠲᠣᠭᠯᠠᠯᠲᠠ ᠭᠠᠷᠴᠤ᠂ | ᠲᠣᠭᠯᠠᠭᠴᠢᠳ ᠤᠨ ᠦᠩᠭᠡ ᠢᠯᠭᠠᠷᠠᠮ᠎ᠠ ᠬᠤᠪᠴᠠᠰᠤ ᠵᠠᠰᠠᠯ ᠢᠶᠠᠷ ᠬᠤᠪᠴᠠᠯᠠᠵᠤ᠂ ᠴᠢᠷᠠᠶ ᠳᠤᠨᠢ ᠪᠠᠶᠠᠷ | ᠪᠠᠶᠠᠰᠬᠤᠯᠠᠩᠲᠤ ᠢᠨᠢᠶᠡᠮᠰᠦᠭᠯᠡᠯ ᠲᠣᠳᠣᠷᠠᠵᠤ᠂ ᠭᠠᠷ ᠲᠠᠬᠢ ᠥᠩᠭᠡᠲᠦ ᠲᠣᠷᠭ᠎ᠠ ᠳᠡᠭᠡᠭᠰᠢ ᠳᠣᠷᠣᠭᠰᠢ ᠦᠰᠦᠷᠬᠢᠯᠡᠨ᠂ | ᠲᠤᠶᠢᠯ ᠤᠨ ᠨᠥᠯᠥᠭᠡᠯᠡᠬᠦ ᠬᠦᠴᠦᠨ ᠲᠠᠢ ᠪᠥᠵᠢᠭ ᠤᠨ ᠳᠦᠷᠢ ᠪᠠᠷ ᠠᠮᠢᠳᠤᠷᠠᠯ ᠤᠨ ᠪᠠᠶᠠᠷ ᠪᠠᠶᠠᠰᠤᠯ ᠢ | ᠢᠯᠡᠷᠡᠭᠦᠯᠦᠨ᠎ᠡ᠃ | | ᠳᠠᠷᠠᠭ᠎ᠠ ᠨᠢ᠂ ᠲᠣᠰᠬᠤᠨ ᠤ ᠠᠷᠠᠳ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ ᠤᠯᠠᠭᠠᠨ ᠳᠤᠷᠳᠤᠩ | ᠨᠥᠮᠥᠷᠥᠭᠰᠡᠨ ᠪᠦᠬᠦᠯᠡ ᠭᠠᠭ᠋ᠠᠶ ᠶᠢ ᠲᠠᠶᠢᠰᠠᠨ ᠤ ᠲᠥᠪ ᠲᠤ ᠭᠠᠷᠭᠠᠵᠤ᠂ ᠪᠠᠶᠠᠷ ᠪᠠᠶᠠᠰᠬᠤᠯᠠᠩᠲᠤ ᠳᠠᠭᠤᠤ ᠬᠥᠭᠵᠢᠮ | ᠢ ᠳᠠᠭᠠᠯᠳᠤᠨ᠂ ᠭᠠᠭ᠋ᠠᠶ ᠰᠠᠯᠭᠠᠬᠤ ᠤᠷᠤᠯᠳᠤᠭᠠᠨ ᠡᠬᠢᠯᠡᠪᠡ᠂ ︽ᠠᠪᠤᠷᠭᠤ ᠬᠦᠴᠦᠲᠡᠨ︾ ᠬᠢᠲᠤᠭ᠎ᠠ ᠬᠤᠷᠤᠶᠢᠯᠠᠨ | ᠪᠠᠷᠬᠢᠷᠠᠵᠤ᠂ ᠪᠠᠰᠠ ︽ᠤᠷ᠎ᠠ ᠮᠡᠷᠭᠡᠵᠢᠯᠳᠡᠨ︾ ᠤᠷᠠᠨ ᠠᠪᠢᠶᠠᠰ ᠢᠶᠠᠨ ᠠᠰᠢᠭᠯᠠᠨ ᠭᠠᠭ᠋ᠠᠶ ᠶᠢ ᠬᠡᠰᠡᠭ ᠬᠡᠰᠡᠭ ᠢᠶᠠᠷ | ᠰᠠᠯᠭᠠᠵᠠᠢ᠂ ᠦᠵᠡᠭᠴᠢᠳ ᠤᠨ ᠬᠦᠭᠰᠡᠵᠦ ᠪᠠᠷᠬᠢᠷᠠᠬᠤ ᠲᠠᠭᠤᠨ ᠦᠷᠬᠦᠯᠵᠢᠯᠡᠵᠦ…… ᠣᠯᠠᠨ ᠤ ᠢᠩᠭᠢᠵᠦ ︽ | ᠬᠦᠴᠦᠯᠡᠨ ᠴᠢᠷᠮᠠᠶᠢᠵᠤ︾ ᠪᠠᠶᠢᠭ᠎ᠠ ᠨᠢ ᠤᠷᠤᠯᠳᠤᠭᠠᠨ ᠤ ᠳᠠᠷᠠᠭᠠᠬᠢ ᠡᠯᠪᠡᠭ ᠪᠠᠶᠠᠯᠢᠭ ᠱᠠᠩᠨᠠᠯ ᠤᠨ ᠪᠣᠳᠠᠰ ᠤᠨ | ᠲᠥᠯᠥᠭᠡ ᠲᠡᠳᠦᠶ ᠪᠢᠰᠢ᠂ ᠨᠠᠩ ᠴᠤ ᠤᠯᠠᠮᠵᠢᠯᠠᠯᠲᠤ ᠪᠠᠶᠠᠷ ᠤᠨ ᠡᠳᠦᠷ ᠤᠨ ᠥᠪᠡᠷᠮᠢᠴᠡ ᠷᠢᠳᠢ ᠰᠢᠳᠢ ᠶᠢ ᠬᠠᠮᠲᠤ | ᠪᠠᠷ ᠮᠡᠳᠡᠷᠡᠵᠦ᠂ ᠬᠢᠵᠠᠭᠠᠯᠠᠰᠢ ᠥᠬᠡᠶ ᠠᠮᠢᠵᠢᠷᠠᠯ ᠤᠨ ᠬᠦᠴᠦᠨ ᠢ ᠪᠠᠳᠠᠷᠠᠭᠤᠯᠵᠤ ᠪᠠᠶᠢᠨ᠎ᠠ᠃ | | ︽ᠪᠢ ᠥᠨᠥᠳᠦᠷ ᠲᠦᠴᠢᠦᠸᠠᠨ ᠰᠢᠶᠠᠨ ᠤ ︿ᠥᠪᠥᠷ ᠮᠣᠩᠭᠤᠯ ᠢᠶᠠᠷ ᠲᠠᠭᠤᠯᠠᠨ ᠵᠤᠭᠠᠴᠠᠵᠤ ᠬᠡᠯᠡᠨ ᠤ | ᠦᠵᠦᠭᠦᠷ ᠤᠨ ᠯᠣᠤ ᠲᠣᠯᠣᠭᠠᠶ ᠡᠷᠭᠦᠬᠦ︾ ᠬᠥᠳᠡᠯᠭᠡᠭᠡᠨ ᠳᠤ ᠣᠷᠣᠯᠴᠠᠭᠰᠠᠨ ᠳᠠᠭᠠᠨ ᠲᠤᠩ ᠠᠵᠠ ᠵᠠᠪᠰᠢᠶᠠᠨ ᠲᠠᠢ | ᠰᠠᠨᠠᠭᠳᠠᠵᠤ ᠪᠠᠶᠢᠨ᠎ᠠ᠂ ᠬᠡᠳᠦᠶᠢᠪᠡᠷ ᠪᠢ ᠭᠠᠭ᠋ᠠᠢ ᠰᠠᠯᠭᠠᠬᠤ ᠤᠷᠤᠯᠳᠤᠭᠠᠨ ᠳᠤ ᠣᠷᠣᠯᠴᠠᠭᠠᠳ ᠨᠢᠭᠡᠳᠦᠭᠡᠷ ᠲᠤ | ᠣᠷᠣᠭᠰᠠᠨ ᠪᠣᠯᠪᠠᠴᠤ᠂ ᠪᠢ ᠨᠢᠭᠡᠳᠦᠭᠡᠷ ᠲᠤ ᠣᠷᠣᠬᠤ ᠶᠢᠨ ᠲᠥᠯᠥᠭᠡ ᠪᠢᠰᠢ᠂ ᠡᠨᠡ ᠬᠥᠳᠡᠯᠭᠡᠭᠡᠨ ᠳᠤ ᠤᠷᠤᠯᠴᠠᠵᠤ | ᠂ ᠣᠯᠠᠨ ᠲᠠᠢ ᠬᠠᠮᠲᠤ ᠪᠠᠶᠠᠷᠯᠠᠵᠤ ᠪᠠᠶᠢᠨ᠎ᠠ᠃︾ ᠭᠡᠵᠦ ᠵᠢᠭᠤᠯᠴᠢᠯᠠᠭᠴᠢ ᠶᠣᠣ ᠶᠢᠩ ᠶᠤᠸᠠᠨ ᠬᠡᠯᠡᠪᠡ᠃ | | ︽ᠬᠤᠶᠠᠷ ᠰᠠᠷ᠎ᠠ ᠶᠢᠨ ᠬᠤᠶᠠᠷ ᠲᠤ ᠯᠣᠣ ᠶᠢᠨ ᠲᠣᠯᠣᠭᠠᠢ ᠶᠢ ᠬᠤᠰᠤᠨ᠎ᠠ᠂ ᠨᠢᠭᠡ ᠵᠢᠯ ᠳᠤ ᠪᠦᠷ ᠴᠤᠭ | ᠵᠢᠪᠬᠤᠭ᠎ᠠ ᠲᠠᠢ᠃︾ ᠠᠷᠠᠳ ᠤᠨ ᠳᠤᠮᠳᠠ 《 ᠬᠤᠶᠠᠷ ᠰᠠᠷ᠎ᠠ ᠶᠢᠨ ᠬᠤᠶᠠᠷ} ᠤᠨ ᠦᠰᠦ ᠬᠤᠰᠤᠬᠤ ᠵᠠᠩᠰᠢᠯ | ᠪᠠᠶᠢᠳᠠᠭ᠂ ᠡᠶᠢᠮᠦ ᠰᠠᠶᠢᠬᠠᠨ ᠡᠳᠦᠷ ᠤᠳ ᠲᠤ ᠦᠰᠦ ᠬᠤᠰᠤᠬᠤ ᠨᠢ ᠬᠥᠮᠦᠨ ᠢ ᠠᠵᠠ ᠪᠤᠶᠠᠨ ᠲᠠᠢ ᠪᠣᠯᠭᠠᠵᠤ᠂ | ᠪᠤᠶᠠᠨ ᠬᠡᠰᠢᠭ ᠲᠠᠢ ᠪᠣᠯᠭᠠᠳᠠᠭ ᠭᠡᠳᠡᠭ᠃ ᠬᠥᠳᠡᠯᠭᠡᠭᠡᠨ ᠤ ᠲᠤᠬᠠᠶ ᠶᠢᠨ ᠲᠠᠯᠠᠪᠠᠢ ᠳᠤ ᠪᠠᠰᠠ ᠦᠰᠦ ᠵᠠᠰᠠᠭᠴᠢ | ᠣᠯᠠᠨ ᠳᠤ ᠦᠨ᠎ᠡ ᠲᠥᠯᠥᠪᠦᠷᠢ ᠦᠭᠡᠢ ᠪᠠᠷ ᠦᠰᠦ ᠵᠠᠰᠠᠵᠤ ᠥᠭᠭᠦᠨ᠎ᠡ᠃ | | ᠡᠭᠦᠨ ᠢᠶᠠᠷ ᠪᠠᠷᠠᠬᠤ ᠥᠬᠡᠶ᠂ ᠯᠣᠤ ᠶᠢᠨ ᠲᠤᠯᠤᠭᠠᠢ ᠨᠡᠶᠢᠯᠡᠭᠦᠯᠬᠦ᠂ ᠯᠤᠤᠲᠤ ᠲᠡᠷᠭᠡ ᠲᠦᠯᠬᠢᠬᠦ᠂ ᠯᠤᠤᠲᠤ | ᠣᠩᠭᠤᠴᠠ ᠡᠷᠭᠦᠬᠦ ᠵᠡᠷᠭᠡ ᠠᠯᠢ ᠣᠯᠠᠨ ᠵᠤᠭ᠎ᠠ ᠴᠡᠩᠭᠡᠯ ᠤᠨ ᠤᠷᠤᠯᠳᠤᠭᠠᠨ ᠤ ᠲᠥᠷᠥᠯ ᠵᠦᠶᠯ ᠴᠦ ᠠᠵᠢᠯᠯᠠᠭ᠎ᠠ ᠶᠢ | ᠣᠷᠭᠢᠯ ᠳᠤᠨᠢ ᠬᠦᠷᠭᠡᠵᠦ᠂ ᠵᠢᠭᠤᠯᠴᠢᠯᠠᠭᠴᠢᠳ ᠢ ᠪᠠᠶᠠᠷ ᠪᠠᠶᠠᠰᠬᠤᠯᠠᠩ ᠤᠨ ᠳᠤᠮᠳᠠ ᠪᠤᠴᠠᠬᠤ ᠳᠤᠷ᠎ᠠ ᠥᠬᠡᠶ | ᠪᠣᠯᠭᠠᠪᠠ᠃ | | ︽ᠥᠨᠥᠳᠦᠷ ᠪᠢ ᠨᠠᠶᠢᠵᠠ ᠲᠠᠢ ᠪᠠᠨ ᠬᠠᠮᠲᠤ ᠠᠵᠢᠯᠯᠠᠭ᠎ᠠ ᠳᠤ ᠣᠷᠣᠯᠴᠠᠬᠤ ᠪᠠᠷ ᠢᠷᠡᠵᠦ᠂ ᠤᠯᠠᠮᠵᠢᠯᠠᠯᠲᠤ | ᠪᠠᠶᠠᠷ ᠤᠨ ᠡᠳᠦᠷ ᠤᠨ ᠪᠠᠶᠠᠷ ᠪᠠᠶᠠᠰᠬᠤᠯᠠᠩᠲᠤ ᠠᠭᠤᠷ ᠠᠮᠢᠰᠬᠤᠯ ᠢ ᠦᠨᠡᠨ ᠬᠦ ᠮᠡᠳᠡᠷᠡᠵᠦ᠂ ᠠᠮᠲᠠᠲᠤ ᠢᠳᠡᠭᠡᠨ | ᠢᠳᠡᠵᠦ᠂ ᠡᠯ᠎ᠡ ᠵᠦᠶᠯ ᠤᠨ ᠵᠢᠵᠢᠭ ᠲᠣᠭᠯᠠᠭᠠᠮ ᠨᠠᠭᠠᠳᠴᠤ᠂ ᠨᠠᠳᠠᠳᠤ ᠪᠦᠷ ᠮᠠᠰᠢ ᠰᠣᠨᠢᠷᠬᠠᠯᠲᠠᠶ ᠰᠠᠨᠠᠭᠳᠠᠵᠤ | ᠪᠠᠶᠢᠨ᠎ᠠ᠂ ᠮᠢᠨᠦ ᠦᠵᠡᠬᠦ ᠪᠠᠷ ᠥᠨᠥᠳᠦᠷ ᠤᠨ ᠬᠥᠳᠡᠯᠭᠡᠭᠡᠨ ᠮᠠᠰᠢ ᠰᠣᠨᠢᠷᠬᠠᠯᠲᠠᠶ ᠪᠠᠶᠢᠨ᠎ᠠ᠃︾ ᠭᠡᠵᠦ | ᠵᠢᠭᠤᠯᠴᠢᠯᠠᠭᠴᠢ ᠯᠢ ᠮᠢᠩ ᠶᠠᠨ ᠬᠡᠯᠡᠪᠡ᠃ | ᠠᠮᠲᠠᠲᠤ ᠢᠳᠡᠭᠡᠨ ᠤ ᠦᠵᠡᠭᠦᠯᠭᠡ ᠶᠢᠨ ᠣᠷᠣᠨ ᠤ ᠳᠣᠲᠣᠷᠠᠬᠢ ᠢᠰᠬᠡᠭᠰᠡᠨ ᠨᠣᠭᠤᠭ᠎ᠠ᠂ ᠲᠣᠰᠣᠨ ᠳᠤ | ᠪᠤᠴᠠᠯᠭᠠᠭᠰᠠᠨ ᠮᠢᠬ᠎ᠠ ᠵᠡᠷᠭᠡ ᠨᠢ ᠣᠯᠠᠨ ᠤ ᠢᠳᠡᠭᠡᠨ ᠤ ᠳᠤᠷᠠᠰᠢᠯ ᠢ ᠬᠥᠭᠵᠢᠭᠡᠵᠦ᠂ ᠨᠠᠷᠢᠯᠢᠭ ᠨᠠᠶᠢᠷᠠᠭᠤᠯᠤᠭᠰᠠᠨ | ᠪᠥᠵᠢᠭ᠂ ᠳᠠᠭᠤᠤ ᠵᠡᠷᠭᠡ ᠭᠤᠶᠢᠳᠠ ᠰᠠᠶᠢᠬᠠᠨ ᠲᠣᠭᠯᠠᠯᠲᠠ ᠶᠢ ᠳᠠᠭᠠᠯᠳᠤᠨ᠂ ᠣᠯᠠᠨ ᠢᠶᠠᠷ ᠢᠶᠠᠨ ᠠᠮᠲᠠᠲᠤ ᠢᠳᠡᠭᠡᠨ | ᠢ ᠠᠮᠲᠠᠯᠠᠬᠤ ᠶᠢᠨ ᠳᠠᠭᠠᠤ ᠭᠤᠴᠣ ᠰᠠᠶᠢᠬᠠᠨ ᠲᠣᠭᠯᠠᠯᠲᠠ ᠶᠢ ᠰᠣᠨᠢᠷᠬᠠᠵᠤ᠂ ᠤᠯᠠᠮᠵᠢᠯᠠᠯᠲᠤ ᠪᠠᠶᠠᠷ ᠤᠨ ᠡᠳᠦᠷ ᠤᠨ | ᠠᠭᠤᠷ ᠠᠮᠢᠰᠬᠤᠯ ᠢ ᠬᠠᠮᠲᠤ ᠪᠠᠷ ᠮᠡᠳᠡᠷᠡᠵᠦ ᠪᠠᠶᠢᠯ᠎ᠠ᠃ | | ︽ᠥᠨᠥᠳᠦᠷ ᠪᠣᠯ ᠬᠤᠶᠠᠷ ᠰᠠᠷ᠎ᠠ ᠶᠢᠨ ᠬᠤᠶᠠᠷ ᠯᠣᠣ ᠲᠣᠯᠣᠭᠠᠢ ᠥᠨᠳᠡᠶᠢᠬᠦ ᠡᠳᠦᠷ ᠪᠣᠯᠤᠨ᠎ᠠ᠂ ᠭᠠᠭ᠋ᠠᠢ ᠶᠢᠨ | ᠲᠣᠯᠣᠭᠠᠢ ᠶᠢᠨ ᠮᠢᠬ᠎ᠠ᠂ ᠭᠠᠭ᠋ᠠᠢ ᠶᠢᠨ ᠬᠠᠴᠠᠷ᠂ ᠭᠠᠭ᠋ᠠᠢ ᠶᠢᠨ ᠴᠢᠬᠢ᠂ ᠭᠠᠭ᠋ᠠᠢ ᠶᠢᠨ ᠬᠡᠯᠡ᠂ ︿ᠯᠣᠣ ᠲᠣᠯᠣᠭᠠᠢ | ᠥᠨᠳᠡᠶᠢᠬᠦ﹀ ᠶᠢ ᠬᠠᠷᠠᠭᠤᠯᠵᠤ ᠪᠠᠶᠢᠨ᠎ᠠ᠂ ᠡᠶᠢᠮᠦ ᠠᠴᠠ ᠪᠢ ᠥᠨᠥᠳᠦᠷ ᠣᠯᠠᠨ ᠳᠤ ᠪᠡᠯᠡᠳᠬᠡᠭᠰᠡᠨ ᠠᠮᠲᠠᠲᠤ | ᠢᠳᠡᠭᠡᠨ ᠪᠣᠯ ᠲᠣᠰᠣᠨ ᠳᠤ ᠪᠤᠴᠠᠯᠭᠠᠭᠰᠠᠨ ᠮᠢᠬ᠎ᠠ᠂ ᠲᠣᠰᠣᠨ ᠳᠤ ᠪᠤᠴᠠᠯᠭᠠᠭᠰᠠᠨ ᠮᠢᠬ᠎ᠠ ᠭᠡᠳᠡᠭ ᠡᠨᠡ ᠠᠮᠲᠠᠲᠤ | ᠢᠳᠡᠭᠡᠨ ᠨᠢ ᠣᠯᠠᠨ ᠤ ᠠᠮᠢᠳᠤᠷᠠᠯ ᠥᠭᠡᠳᠡ ᠡᠰᠡᠷᠡᠭ ᠪᠠᠶᠢᠬᠤ ᠶᠢ ᠪᠡᠯᠭᠡᠳᠡᠵᠦ ᠪᠠᠶᠢᠨ᠎ᠠ᠂ ᠣᠯᠠᠨ ᠢᠶᠠᠷ ᠢᠶᠠᠨ ᠢᠷᠡᠵᠦ | ᠠᠮᠲᠠᠯᠠᠭᠠᠷᠠᠢ᠃︾ ᠭᠡᠵᠦ ᠲᠣᠭᠤᠭᠠᠴᠢ ᠯᠢ ᠸᠧᠢ ᠸᠧᠢ ᠬᠡᠯᠡᠪᠡ᠃ | | ᠡᠭᠦᠨ ᠠᠴᠠ ᠭᠠᠳᠠᠨ᠎ᠠ᠂ ᠲᠦᠴᠢᠦᠸᠠᠨ ᠰᠢᠶᠠᠨ ᠤ ᠲᠡᠦᠬᠡ ᠰᠣᠶᠣᠯ ᠤᠨ ᠮᠦᠽᠧᠢ᠂ ᠲᠦᠴᠢᠦᠸᠠᠨ ᠰᠢᠶᠠᠨ ᠤ | ᠠᠷᠠᠳ ᠤᠨ ᠵᠠᠩ ᠦᠢᠯᠡ ᠶᠢᠨ ᠪᠣᠳᠠᠰ ᠤᠨ ᠪᠤᠰᠤ ᠰᠣᠶᠣᠯ ᠤᠨ ᠥᠪ ᠤᠨ ᠪᠡᠶᠡᠴᠢᠯᠡᠨ ᠣᠶᠢᠯᠠᠭᠠᠬᠤ ᠣᠷᠳᠣᠨ ᠢ | ᠴᠤ ᠪᠦᠬᠦ ᠲᠠᠯ᠎ᠠ ᠪᠠᠷ ᠨᠡᠭᠡᠭᠡᠵᠦ᠂ ᠭᠡᠷ ᠤᠨ ᠠᠬᠠᠮᠠᠳ ᠬᠡᠦᠬᠡᠳ ᠢᠶᠠᠨ ᠳᠠᠭᠠᠭᠤᠯᠤᠨ ᠮᠦᠽᠧᠢ ᠳᠤ ᠣᠷᠣᠵᠤ᠂ | ᠪᠣᠳᠠᠰ ᠤᠨ ᠪᠤᠰᠤ ᠰᠣᠶᠣᠯ ᠤᠨ ᠥᠪ ᠪᠣᠯᠤᠨ ᠲᠡᠦᠬᠡ ᠰᠣᠶᠣᠯ ᠤᠨ ᠷᠢᠳᠢ ᠰᠢᠳᠢ ᠶᠢ ᠮᠡᠳᠡᠷᠡᠪᠡ᠃ ᠲᠣᠰ ᠤᠳᠠᠭᠠᠨ | ᠤ ︽ᠥᠪᠥᠷ ᠮᠣᠩᠭᠤᠯ ᠢᠶᠠᠷ ᠲᠠᠭᠤᠯᠠᠨ ᠵᠤᠭᠠᠴᠠᠵᠤ ᠬᠡᠯᠡᠨ ᠤ ᠦᠵᠦᠭᠦᠷ ᠤᠨ ᠯᠣᠤ ᠲᠣᠯᠣᠭᠠᠶ ᠡᠷᠭᠦᠬᠦ︾ | ᠠᠵᠢᠯᠯᠠᠭ᠎ᠠ ᠨᠢ ᠲᠤᠬᠠᠶ ᠶᠢᠨ ᠭᠠᠵᠠᠷ ᠤᠨ ᠰᠠᠭᠤᠭᠠᠯᠢ ᠠᠷᠠᠳ ᠲᠤ ᠤᠯᠠᠮᠵᠢᠯᠠᠯᠲᠤ ᠪᠠᠶᠠᠷ ᠤᠨ ᠡᠳᠦᠷ ᠢ ᠪᠡᠯᠭᠡᠯᠡᠬᠦ | ᠲᠠᠪᠴᠠᠩ ᠬᠠᠩᠭᠠᠭᠰᠠᠨ ᠢᠶᠠᠷ ᠪᠠᠷᠠᠬᠤ ᠥᠬᠡᠶ ᠨᠠᠩ ᠴᠤ ᠠᠷᠠᠳ ᠤᠨ ᠵᠠᠩ ᠦᠶᠯᠡ ᠶᠢᠨ ᠰᠣᠶᠣᠯ ᠪᠣᠯᠤᠨ ᠠᠮᠲᠠᠲᠤ | ᠢᠳᠡᠭᠡᠨ ᠤ ᠰᠣᠶᠣᠯ ᠢ ᠪᠥᠬᠦ ᠲᠠᠯ᠎ᠠ ᠪᠠᠷ ᠳᠡᠯᠭᠡᠨ ᠦᠵᠡᠭᠦᠯᠵᠦ ᠤᠯᠠᠮᠵᠢᠯᠠᠨ ᠳᠡᠯᠭᠡᠷᠡᠭᠦᠯᠵᠦ᠂ ᠲᠤᠬᠠᠶ ᠶᠢᠨ ᠭᠠᠵᠠᠷ | ᠤᠨ ᠰᠣᠶᠣᠯ ᠵᠢᠭᠤᠯᠴᠢᠯᠠᠯ ᠤᠨ ᠠᠵᠤ ᠦᠶᠯᠡᠰ ᠤᠨ ᠬᠥᠭᠵᠢᠯᠲᠡ ᠶᠢ ᠬᠦᠴᠦᠲᠡᠶ ᠠᠬᠢᠭᠤᠯᠤᠭᠰᠠᠨ ᠪᠠᠶᠢᠨ᠎ᠠ᠃ | | ︽ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮᠵᠢᠯᠠᠨ ᠪᠠᠳᠠᠷᠠᠭᠤᠯᠵᠤ᠂ ᠮᠠᠨ ᠤ ᠰᠢᠶᠠᠨ ᠤ | ᠤᠯᠠᠮᠵᠢᠯᠠᠯᠲᠤ ᠰᠣᠶᠣᠯ ᠤᠨ ᠬᠥᠭᠵᠢᠯᠲᠡ ᠶᠢ ᠤᠯᠠᠮ ᠨᠢᠭᠡ ᠠᠯᠬᠤᠮ ᠠᠬᠢᠭᠤᠯᠵᠤ᠂ ᠣᠯᠠᠨ ᠲᠦᠮᠡᠨ ᠤ ᠣᠶᠤᠨ ᠤ | ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠵᠢᠭᠤᠯᠴᠢᠯᠠᠯ ᠤᠨ ᠰᠣᠶᠣᠯ ᠤᠨ ᠠᠭᠤᠯᠤᠭᠳᠠᠬᠤᠨ ᠢ | ᠳᠡᠭᠡᠭᠰᠢᠯᠡᠭᠦᠯᠵᠦ᠂ ᠥᠪᠥᠷ ᠮᠣᠩᠭᠤᠯ ᠢᠶᠠᠷ ᠲᠠᠭᠤᠯᠠᠨ ᠵᠤᠭᠤᠯᠴᠢᠯᠠᠵᠤ ᠪᠡᠶᠡᠴᠢᠯᠡᠨ ᠣᠶᠢᠯᠠᠭᠠᠬᠤ ᠦᠵᠡᠭᠳᠡᠯ ᠵᠢᠴᠢ ︿᠂ | ᠬᠥᠳᠡᠭᠡ ᠠᠵᠤ ᠠᠬᠤᠶ ᠶᠢᠨ ᠰᠣᠶᠣᠯ ᠵᠢᠭᠤᠯᠴᠢᠯᠠᠯ﹀ ᠢ ᠠᠭᠤᠰᠤᠯᠴᠠᠭᠤᠯᠤᠨ ᠬᠥᠭᠵᠢᠭᠦᠯᠬᠦ ᠵᠠᠭᠪᠤᠷ ᠢ ᠪᠣᠶ | ᠪᠣᠯᠭᠠᠵᠤ᠂ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢ ᠠᠬᠢᠭᠤᠯᠬᠤ ᠶᠢᠨ ᠲᠥᠯᠥᠭᠡ᠃ 2 ᠰᠠᠷ᠎ᠠ ᠶᠢᠨ | 2 ᠤᠨ ᠡᠳᠦᠷ ᠬᠦᠷᠴᠦ ᠢᠷᠡᠬᠦ ᠲᠠᠰᠢᠷᠠᠮ ᠢᠶᠠᠷ᠂ ᠲᠦᠴᠢᠦᠸᠠᠨ ᠰᠢᠶᠠᠨ ᠤ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ | ᠤᠨ ᠲᠣᠪᠴᠢᠶ᠎ᠠ᠂ ᠲᠦᠴᠢᠦᠸᠠᠨ ᠰᠢᠶᠠᠨ ᠤ ᠠᠷᠠᠳ ᠤᠨ ᠵᠠᠩ ᠦᠢᠯᠡ ᠶᠢᠨ ᠪᠣᠳᠠᠰ ᠤᠨ ᠪᠤᠰᠤ ᠰᠣᠶᠣᠯ ᠤᠨ ᠥᠪ | ᠤᠨ ᠪᠡᠶᠡᠴᠢᠯᠡᠨ ᠣᠶᠢᠯᠠᠭᠠᠬᠤ ᠣᠷᠳᠣᠨ ᠳᠤ ᠲᠦᠴᠢᠦᠸᠠᠨ ᠤ ᠲᠤᠰ ᠭᠠᠵᠠᠷ ᠤᠨ ᠵᠠᠩ ᠦᠢᠯᠡ᠂ ᠪᠣᠳᠠᠰ ᠤᠨ ᠪᠤᠰᠤ | ᠰᠣᠶᠣᠯ ᠤᠨ ᠥᠪ ᠤᠨ ᠡᠬᠢ ᠪᠠᠶᠠᠯᠢᠭ ᠪᠣᠯᠤᠨ 3 A ᠲᠡᠰ ᠤᠨ ᠦᠵᠡᠮᠵᠢ ᠶᠢᠨ ᠣᠷᠣᠨ ᠤ ᠰᠠᠶᠢᠨᠬᠤᠸᠠᠷ | ᠬᠦᠷᠢᠶᠡᠯᠡᠩ ᠲᠣᠭᠤᠷᠢᠭ ᠤᠨ ᠵᠢᠭᠤᠯᠴᠢᠯᠠᠯ ᠤᠨ ᠡᠬᠢ ᠪᠠᠶᠠᠯᠢᠭ ᠢ ᠠᠭᠤᠰᠤᠯᠴᠠᠭᠤᠯᠵᠤ᠂ ︿ᠥᠪᠥᠷ ᠮᠣᠩᠭᠤᠯ ᠢᠶᠠᠷ | ᠲᠠᠭᠤᠯᠠᠨ ᠵᠤᠭᠠᠴᠠᠵᠤ ᠬᠡᠯᠡᠨ ᠤ ᠦᠵᠦᠭᠦᠷ ᠤᠨ ᠯᠣᠤ ᠲᠣᠯᠣᠭᠠᠶ ᠡᠷᠭᠦᠬᠦ﹀ ᠪᠠ ᠡᠯ᠎ᠡ ᠵᠦᠢᠯ ᠤᠨ ᠡᠯᠪᠡᠭ ᠪᠠᠶᠠᠯᠢᠭ | ᠦᠨᠳᠦᠰᠦᠲᠡᠨ ᠤ ᠵᠠᠩ ᠦᠢᠯᠡ ᠶᠢᠨ ᠠᠵᠢᠯᠯᠠᠭ᠎ᠠ ᠥᠷᠨᠢᠭᠦᠯᠪᠡ᠃ ︿ᠬᠤᠶᠠᠳᠤᠭᠠᠷ ᠰᠠᠷ᠎ᠠ ᠶᠢᠨ ᠬᠤᠶᠠᠷ﹀ ᠤᠨ | ᠤᠯᠠᠮᠵᠢᠯᠠᠯᠲᠤ ᠰᠣᠶᠣᠯ ᠤᠨ ᠨᠠᠶᠢᠷ ᠢ ᠡᠷᠭᠢᠯᠡᠬᠦ ᠪᠠᠷ ᠳᠠᠮᠵᠢᠭᠤᠯᠤᠨ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ | ᠰᠣᠶᠣᠯ ᠢ ᠤᠯᠠᠮᠵᠢᠯᠠᠨ ᠪᠠᠳᠠᠷᠠᠭᠤᠯᠵᠤ᠂ ᠮᠠᠨ ᠤ ᠰᠢᠶᠠᠨ ᠤ ᠡᠯᠪᠡᠭ ᠪᠠᠶᠠᠯᠢᠭ ᠪᠣᠳᠠᠰ ᠤᠨ ᠪᠤᠰᠤ ᠰᠣᠶᠣᠯ ᠤᠨ ᠥᠪ | ᠤᠨ ᠡᠬᠢ ᠪᠠᠶᠠᠯᠢᠭ ᠢ ᠳᠡᠯᠭᠡᠨ ᠦᠵᠡᠭᠦᠯᠵᠦ᠂ ᠲᠠᠷᠢᠶᠠᠯᠠᠩ ᠤᠨ ᠰᠣᠶᠣᠯ ᠵᠢᠭᠤᠯᠴᠢᠯᠠᠯ ᠤᠨ ᠠᠭᠤᠰᠤᠯᠴᠠᠨ ᠬᠥᠭᠵᠢᠬᠦ | ᠶᠢ ᠠᠬᠢᠭᠤᠯᠵᠤ᠂ ᠮᠠᠨ ᠤ ᠰᠢᠶᠠᠨ ᠤ ᠰᠣᠶᠣᠯ ᠤᠨ ᠵᠥᠭᠡᠯᠡᠨ ᠪᠣᠳᠠᠲᠤ ᠬᠦᠴᠦᠨ ᠪᠠ ᠠᠯᠳᠠᠷᠰᠢᠯ ᠢ ᠳᠡᠭᠡᠭᠰᠢᠯᠡᠭᠦᠯᠵᠦ | ᠂ ᠰᠢᠶᠠᠨ ᠤ ᠬᠡᠪᠴᠢᠶᠡᠨ ᠤ ᠠᠵᠤ ᠠᠬᠤᠶ ᠨᠡᠶᠢᠭᠡᠮ ᠤᠨ ᠬᠥᠭᠵᠢᠯᠲᠡ ᠳᠤ ᠰᠢᠨ᠎ᠡ ᠬᠥᠳᠡᠯᠭᠡᠬᠦ ᠬᠦᠴᠦᠨ ᠨᠡᠮᠡᠷᠢᠯᠡᠬᠦ | ᠪᠠᠷ ᠵᠣᠷᠢᠯᠭ᠎ᠠ ᠪᠠᠨ ᠪᠣᠯᠭᠠᠵᠠᠶ᠃︾ ᠭᠡᠵᠦ ᠲᠦᠴᠢᠦᠸᠠᠨ ᠰᠢᠶᠠᠨ ᠤ ᠠᠷᠠᠳ ᠤᠨ ᠵᠠᠩ ᠦᠢᠯᠡ ᠶᠢᠨ ᠪᠣᠳᠠᠰ ᠤᠨ | ᠪᠤᠰᠤ ᠰᠣᠶᠣᠯ ᠤᠨ ᠥᠪ ᠤᠨ ᠪᠡᠶᠡᠴᠢᠯᠡᠨ ᠣᠶᠢᠯᠠᠭᠠᠬᠤ ᠣᠷᠳᠣᠨ ᠤ ᠳᠠᠷᠤᠭ᠎ᠠ ᠳ᠋ᠦᠩ ᠴᠢᠩ ᠢᠤᠢ ᠬᠡᠯᠡᠪᠡ᠃ |