ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠢᠶᠠᠷ᠂ ᠲᠦᠴᠢᠦᠸᠠᠨ ᠰᠢᠶᠠᠨ ︽ᠥᠪᠥᠷ ᠮᠣᠩᠭᠤᠯ ᠢᠶᠠᠨ ᠮᠠᠭᠳᠠᠨ | ᠲᠠᠭᠤᠯᠠᠬᠤ︾ ᠲᠦᠷᠦᠯ ᠲᠡᠮᠳᠡᠭ ᠢ ᠡᠯᠪᠡᠭ ᠪᠠᠶᠠᠯᠢᠭ ᠰᠣᠶᠣᠯ ᠤᠨ ᠡᠬᠢ ᠪᠠᠶᠠᠯᠢᠭ ᠲᠠᠢ ᠣᠷᠭᠠᠨᠢᠭ ᠢᠶᠠᠷ ᠨᠢᠭᠡᠳᠭᠡᠵᠦ | ᠂ ︽ᠥᠪᠥᠷ ᠮᠣᠩᠭᠤᠯ ᠢᠶᠠᠨ ᠮᠠᠭᠳᠠᠨ ᠲᠠᠭᠤᠯᠠᠬᠤ ᠲᠦᠴᠢᠦᠸᠠᠨ ᠳᠤ ᠰᠢᠨᠡᠯᠡᠬᠦ︾ ᠰᠢᠨ᠎ᠡ ᠵᠢᠯ ᠤᠨ ᠦᠨᠦᠷ ᠠᠮᠲᠠ | ᠶᠢᠨ ᠰᠢᠨ᠎ᠡ ᠵᠢᠯ ᠤᠨ ᠭᠤᠣᠯ ᠰᠡᠳᠦᠪᠲᠦ ᠰᠢᠷᠢᠰ ᠠᠵᠢᠯᠯᠠᠭ᠎ᠠ ᠶᠢ ᠨᠢᠮᠪᠠᠢ ᠪᠡᠯᠡᠳᠬᠡᠵᠦ᠂ ᠤᠯᠠᠮᠵᠢᠯᠠᠯᠲᠤ ᠰᠣᠶᠣᠯ ᠢ | ᠤᠯᠠᠮᠵᠢᠯᠠᠨ ᠪᠠᠳᠠᠷᠠᠭᠤᠯᠬᠤ ᠪᠠᠷ ᠴᠢᠷᠮᠠᠶᠢᠵᠤ᠂ ᠲᠦᠴᠢᠦᠸᠠᠨ ᠣᠷᠣᠨ ᠤ ᠵᠠᠩ ᠦᠢᠯᠡ ᠶᠢᠨ ᠰᠣᠶᠣᠯ ᠪᠣᠯᠤᠨ ᠪᠣᠳᠠᠰ | ᠤᠨ ᠪᠤᠰᠤ ᠰᠣᠶᠣᠯ ᠤᠨ ᠥᠪ ᠢ ᠤᠬᠠᠭᠤᠯᠵᠤ᠂ ᠭᠦᠨ ᠵᠤᠵᠠᠭᠠᠨ ᠰᠣᠶᠣᠯ ᠤᠨ ᠠᠭᠤᠷ ᠠᠮᠢᠰᠬᠤᠯ ᠢ ᠪᠤᠢ ᠪᠣᠯᠭᠠᠪᠠ | ᠃ | | | | | | | | | 1 ᠰᠠᠷ᠎ᠠ ᠶᠢᠨ 22 ᠤᠨ ᠡᠳᠦᠷ᠂ ᠲᠦᠴᠢᠦᠸᠠᠨ ᠰᠢᠶᠠᠨ ᠤ ᠬᠤᠪᠢᠰᠬᠠᠯ ᠤᠨ ᠰᠣᠶᠣᠯ ᠰᠤᠷᠭᠠᠨ ᠬᠥᠮᠦᠵᠢᠯ | ᠤᠨ ᠰᠠᠭᠤᠷᠢᠨ ᠭᠠᠵᠠᠷ ᠤᠨ ᠵᠠᠮ ᠤᠨ ᠠᠭᠤᠯᠵᠠᠷ ᠲᠤ᠂ ᠲᠤᠮᠤ ᠬᠡᠯᠪᠡᠷᠢ ᠶᠢᠨ ᠪᠦᠯᠢᠭᠡᠳᠦᠢ ᠭᠦᠷᠦᠭᠡᠰᠦ᠂ ᠰᠢᠶᠠᠩ | ᠯᠦᠩ ᠬᠤᠶᠠᠷ ᠮᠠᠰᠢᠨ ᠬᠤᠶᠠᠭᠲᠤ ᠲᠡᠷᠭᠡ ᠠᠯᠭᠤᠷᠬᠠᠨ ᠤᠷᠤᠭᠰᠢᠯᠠᠵᠤ᠂ ᠪᠦᠬᠦ ᠬᠤᠳᠠ ᠳᠤ ᠪᠠᠶᠠᠷ ᠤᠨ ᠰᠡᠳᠬᠢᠯᠭᠡ | ᠶᠢ ᠳᠠᠮᠵᠢᠭᠤᠯᠵᠤ ᠪᠠᠶᠢᠯ᠎ᠠ᠃ ᠲᠣᠭᠤᠷᠢᠨ ᠵᠤᠭᠠᠴᠠᠬᠤ ᠡᠩᠨᠡᠭᠡ ᠶᠢ ᠳᠠᠭᠠᠵᠤ ᠪᠠᠶᠢᠭ᠎ᠠ ᠲᠣᠭᠯᠠᠭᠴᠢ ᠨᠢᠭᠡ ᠨᠢᠭᠡ ᠪᠠᠷ | ᠢᠶᠠᠨ ᠣᠷᠭᠢᠯᠤᠮ᠎ᠠ ᠬᠠᠯᠠᠭᠤᠨ ᠰᠡᠳᠬᠢᠯᠭᠡ ᠲᠠᠢ᠂ ᠦᠩᠭᠡ ᠢᠯᠭᠠᠷᠠᠮ᠎ᠠ ᠬᠤᠪᠴᠠᠰᠤ ᠡᠮᠦᠰᠴᠦ᠂ ᠪᠠᠶᠠᠷ ᠬᠥᠷ ᠲᠠᠢ | ᠬᠡᠩᠭᠡᠷᠭᠡ ᠶᠢᠨ ᠴᠡᠭ ᠳᠡᠭᠡᠷ᠎ᠡ ᠠᠯᠬᠤᠵᠤ᠂ ᠵᠠᠯᠠᠭᠤ ᠨᠠᠰᠤᠨ ᠤ ᠠᠮᠢᠵᠢᠷᠠᠯ ᠤᠨ ᠬᠦᠴᠦᠨ ᠪᠠ ᠰᠣᠶᠣᠯ ᠤᠨ ᠲᠠᠲᠠᠬᠤ | ᠬᠦᠴᠦᠨ ᠢ ᠠᠮᠢᠳᠤᠯᠢᠭ ᠢᠶᠠᠷ ᠢᠯᠡᠷᠡᠭᠦᠯᠪᠡ᠃ | | | | | | | | | ︽ᠪᠢ ᠠᠩᠬ᠎ᠠ ᠤᠳᠠᠭ᠎ᠠ ᠲᠣᠭᠤᠷᠢᠨ ᠵᠤᠭᠠᠴᠠᠬᠤ ᠠᠵᠢᠯᠯᠠᠭ᠎ᠠ ᠳᠤ ᠣᠷᠣᠯᠴᠠᠵᠤ ᠪᠠᠶᠢᠨ᠎ᠠ᠂ ᠡᠭᠡᠴᠢ ᠳᠡᠭᠦᠦ ᠨᠡᠷ | ᠲᠠᠢ ᠪᠠᠨ ᠬᠠᠮᠲᠤ ᠡᠨᠡᠬᠦ ᠠᠵᠢᠯᠯᠠᠭ᠎ᠠ ᠳᠤ ᠣᠷᠣᠯᠴᠠᠭᠰᠠᠨ ᠳᠠᠭᠠᠨ ᠮᠠᠰᠢ ᠪᠠᠶᠠᠷᠲᠠᠢ ᠪᠠᠶᠢᠨ᠎ᠠ᠂ ᠲᠤᠬᠠᠢ ᠶᠢᠨ ᠲᠠᠯᠠᠪᠠᠢ | ᠳᠤ ᠪᠠᠰᠠ ᠮᠠᠰᠢ ᠤᠯᠠᠨ ᠦᠵᠡᠭᠴᠢᠳ ᠬᠦᠷᠦᠯᠴᠡᠨ ᠢᠷᠡᠵᠡᠢ᠂ ᠦᠨᠡᠬᠡᠷ ᠮᠠᠰᠢ ᠪᠠᠶᠠᠷᠲᠠᠢ ᠪᠠᠶᠢᠨ᠎ᠠ᠂ ᠡᠶᠢᠮᠦᠷᠬᠦ | ᠠᠵᠢᠯᠯᠠᠭ᠎ᠠ ᠨᠢ ᠮᠠᠰᠢ ᠤᠳᠬ᠎ᠠ ᠠᠭᠤᠯᠭ᠎ᠠ ᠲᠠᠢ ᠪᠠᠶᠢᠵᠤ᠂ ᠲᠦᠴᠢᠦᠸᠠᠨ ᠰᠢᠶᠠᠨ ᠳᠤ ᠴᠠᠭᠠᠨ ᠰᠠᠷ᠎ᠠ ᠶᠢᠨ ᠪᠠᠶᠠᠷ | ᠪᠠᠭ᠋ᠠᠳᠤᠯ ᠢ ᠨᠡᠮᠡᠷᠢᠯᠡᠭᠰᠡᠨ ᠪᠠᠶᠢᠨ᠎ᠠ᠃︾ ᠭᠡᠵᠦ ᠴᠡᠴᠡᠭᠲᠦ ᠲᠡᠷᠭᠡ ᠪᠠᠷ ᠲᠣᠭᠤᠷᠢᠨ ᠵᠤᠭᠠᠴᠠᠬᠤ ᠲᠣᠭᠯᠠᠭᠴᠢ ᠯᠦ ᠯᠢ | ᠬᠤᠢ ᠬᠡᠯᠡᠪᠡ᠃ | ᠪᠦᠬᠦᠶᠢᠯᠡ ᠲᠣᠭᠤᠷᠢᠨ ᠵᠤᠭᠠᠴᠠᠬᠤ ᠶᠠᠪᠤᠴᠠ ᠨᠢ ᠪᠠᠶᠠᠷ ᠤᠨ ᠡᠳᠦᠷ ᠤᠨ ᠪᠠᠶᠠᠷᠲᠤ ᠠᠭᠤᠷ ᠠᠮᠢᠰᠬᠤᠯ ᠢᠶᠠᠷ | ᠪᠢᠯᠬᠠᠵᠤ᠂ ᠵᠡᠭᠡᠯᠢ ᠭᠤᠳᠤᠮᠵᠢ ᠪᠠᠷ ᠪᠠᠶᠠᠷ ᠪᠠᠶᠠᠰᠤᠯ ᠪᠠ ᠵᠥᠩᠨᠡᠯ ᠪᠢᠯᠬᠠᠵᠤ᠂ ᠬᠤᠷᠣᠮᠬᠠᠨ ᠵᠠᠭᠤᠷ᠎ᠠ ᠪᠥᠬᠦ ᠬᠥᠮᠦᠰ | ᠢ ᠪᠠᠶᠠᠷ ᠤᠨ ᠡᠳᠦᠷ ᠤᠨ ᠠᠭᠤᠷ ᠠᠮᠢᠰᠬᠤᠯ ᠳᠤ ᠠᠭᠤᠰᠬᠠᠨ ᠣᠷᠣᠭᠤᠯᠪᠠ᠃ | ︽ᠡᠶᠢᠮᠦ ᠬᠥᠳᠡᠯᠭᠡᠭᠡᠨ ᠢ ᠪᠢ ᠦᠵᠡᠬᠦ ᠳᠤᠷᠠᠲᠠᠢ᠂ ᠬᠥᠷ ᠬᠥᠭᠵᠢᠶᠡᠨ ᠲᠠᠢ ᠮᠥᠷᠲᠡᠭᠡᠨ ᠪᠠᠶᠠᠷ ᠬᠥᠷ ᠲᠠᠢ᠂ | ᠲᠣᠭᠯᠠᠭᠴᠢᠳ ᠤᠨ ᠲᠣᠭᠯᠠᠭᠰᠠᠨ ᠨᠢ ᠪᠠᠰᠠ ᠰᠠᠶᠢᠨ᠂ ᠲᠤᠩ ᠬᠠᠨᠤᠮᠵᠢᠲᠠᠢ᠃︾ ᠭᠡᠵᠦ ᠦᠵᠡᠭᠴᠢᠳ ᠵᠠᠩ ᠹᠧᠩ | ᠮᠢᠨ ᠬᠡᠯᠡᠪᠡ᠃ | | | | | | | | ᠭᠠᠯ ᠮᠣᠳᠣ ᠮᠥᠩᠭᠦᠨ ᠴᠡᠴᠡᠭ ᠮᠢᠷᠠᠯᠵᠠᠨ ᠳᠡᠯᠭᠡᠷᠡᠵᠦ᠂ ᠰᠥᠨᠢ ᠳᠦᠯᠢ ᠶᠢᠨ ᠯᠢ ᠴᠢᠤᠸᠠᠨ ᠲᠠᠯᠠᠪᠠᠶ ᠶᠢᠨ | ᠬᠤᠸᠠᠷ ᠫᠤᠤᠵᠢᠩ ᠳᠥᠷᠪᠡᠨ ᠵᠦᠭ ᠲᠤ ᠳᠡᠯᠭᠡᠷᠡᠵᠦ᠂ ᠬᠥᠮᠦᠰ ᠤᠨ ᠪᠠᠶᠠᠷ ᠤᠨ ᠡᠳᠦᠷ ᠤᠨ ᠪᠠᠶᠠᠷ ᠪᠠᠭ᠋ᠠᠳᠤᠯ ᠢ | ᠳᠠᠭᠠᠯᠳᠤᠨ᠂ ᠬᠤᠸᠠᠷ ᠫᠤᠤᠵᠢᠩ ᠣᠭᠲᠠᠷᠭᠤᠶ ᠳᠤ ᠰᠣᠯᠣᠩᠭᠠᠷᠠᠨ ᠡᠬᠡ ᠭᠠᠵᠠᠷ ᠢ ᠭᠡᠷᠡᠯᠲᠦᠭᠦᠯᠪᠡ᠃ ᠠᠳᠠᠯᠢ ᠪᠤᠰᠤ | ᠬᠡᠯᠪᠡᠷᠢ ᠳᠦᠷᠰᠦ᠂ ᠠᠳᠠᠯᠢ ᠪᠤᠰᠤ ᠳᠠᠭᠤ ᠲᠠᠢ ︽ᠭᠡᠷᠡᠯᠲᠦ ᠰᠤᠪᠤᠳ︾ ᠪᠠ ︽ᠴᠡᠴᠡᠭ︾ ᠨᠢ ᠡᠭᠦᠯᠡ ᠮᠡᠲᠦ᠂ | ᠮᠠᠨᠠᠨ ᠮᠡᠲᠦ ᠲᠦᠷᠭᠡᠨ ᠳᠡᠭᠳᠡᠵᠦ ᠪᠠᠶᠢᠭ᠎ᠠ ᠥᠨᠳᠥᠷ ᠣᠭᠲᠠᠷᠭᠤᠶ ᠳᠤ ᠳᠡᠯᠭᠡᠷᠡᠭᠰᠡᠨ ᠬᠤᠸᠠᠷ ᠴᠡᠴᠡᠭ ᠪᠠ | ᠳᠣᠭᠳᠣᠯᠤᠮ᠎ᠠ ᠰᠡᠳᠬᠢᠯᠭᠡ ᠪᠢᠯᠬᠠᠭᠰᠠᠨ ᠣᠳᠣ ᠦᠶ᠎ᠡ ᠶᠢᠨ ᠬᠥᠳᠡᠯᠭᠡᠭᠡᠨᠲᠦ ᠰᠡᠳᠬᠢᠯᠭᠡ ᠠᠴᠠ ᠬᠠᠪᠤᠷ ᠤᠨ | ᠲᠦᠯᠬᠢᠭᠡᠨ ᠤ ᠰᠦᠷᠯᠢᠭ ᠰᠠᠶᠢᠬᠠᠨ ᠵᠢᠷᠤᠭ ᠳᠦᠷᠰᠦ ᠶᠢ ᠵᠢᠷᠤᠭᠯᠠᠭᠰᠠᠨ ᠪᠠᠶᠢᠨ᠎ᠠ᠃ | ︽ᠡᠨᠡ ᠣᠷᠣᠢ ᠶᠢᠨ ᠬᠤᠸᠠᠷ ᠫᠤᠤᠵᠢᠩ ᠤᠨ ᠦᠵᠡᠭᠦᠯᠦᠯᠭᠡ ᠦᠨᠡᠬᠡᠷ ᠬᠥᠮᠦᠨ ᠢ ᠰᠣᠴᠢᠭᠠᠮ᠎ᠠ᠂ ᠨᠠᠳᠠ ᠶᠢ | ᠪᠠᠭ᠎ᠠ ᠶᠢᠨ ᠦᠶ᠎ᠡ ᠶᠢᠨ ᠰᠢᠨ᠎ᠡ ᠵᠢᠯ ᠤᠨ ᠳᠤᠷᠠᠰᠤᠮᠵᠢ ᠶᠢ ᠪᠣᠳᠣᠭᠳᠠᠭᠤᠯᠪᠠ᠂ ᠲᠤᠬᠠᠢ ᠶᠢᠨ ᠲᠠᠯᠠᠪᠤᠷ ᠲᠤ ᠦᠵᠡᠬᠦ | ᠳᠤ ᠲᠤᠩ ᠰᠡᠳᠬᠢᠯ ᠬᠥᠳᠡᠯᠵᠡᠢ᠂ ᠡᠨᠡ ᠵᠢᠯ ᠦᠨᠡᠬᠡᠷ ᠰᠢᠨ᠎ᠡ ᠵᠢᠯ ᠤᠨ ᠠᠭᠤᠷ ᠠᠮᠢᠰᠬᠤᠯ ᠲᠠᠢ᠂ ᠨᠡᠯᠢᠶᠡᠳ | ᠤᠳᠠᠭᠠᠨ ᠡᠶᠢᠮᠦ ᠨᠠᠷᠭᠢᠶᠠᠨ ᠦᠭᠡᠢ ᠪᠤᠯᠵᠠᠢ︕︾ ᠭᠡᠵᠦ ᠦᠵᠡᠭᠴᠢᠳ ᠰᠦᠨ ᠵᠢᠶᠠ ᠯᠦ ᠬᠡᠯᠡᠪᠡ᠃ | ᠭᠠᠯᠲᠤ ᠳᠡᠪᠦᠷ᠎ᠡ ᠶᠢᠨ ᠲᠣᠭᠯᠠᠯᠲᠠ ᠪᠣᠯ ᠨᠢᠭᠡ ᠵᠦᠶᠯ ᠤᠨ ᠠᠷᠠᠳ ᠤᠨ ᠤᠷᠠᠯᠢᠭ ᠤᠨ ᠲᠣᠭᠯᠠᠯᠲᠠ ᠪᠣᠯᠤᠨ᠎ᠠ᠂ | ᠲᠣᠭᠯᠠᠭᠴᠢᠳ ᠤᠨ ᠬᠦᠴᠦᠲᠡᠶ ᠬᠤᠷᠤᠶᠢᠯᠠᠬᠤ ᠶᠢ ᠳᠠᠭᠠᠯᠳᠤᠨ᠂ ᠬᠤᠷᠣᠮᠬᠠᠨ ᠵᠠᠭᠤᠷ᠎ᠠ ᠭᠠᠯ ᠭᠠᠷᠠᠭ ᠬᠠᠯᠭᠢᠯᠠᠨ | ᠪᠥᠵᠢᠭᠯᠡᠵᠦ᠂ ᠠᠯᠲᠠᠨ ᠡᠯᠡᠰᠦ ᠬᠤᠷᠠᠨ ᠴᠤᠭᠯᠠᠷᠠᠬᠤ᠂ ᠭᠢᠯᠠᠯᠵᠠᠵᠤ ᠪᠠᠶᠢᠭ᠎ᠠ ᠣᠳᠣᠨ ᠮᠡᠴᠢᠳ ᠮᠡᠲᠦ᠂ | ᠱᠠᠯᠠᠮᠠᠭᠠᠶᠢᠯᠠᠨ ᠦᠰᠦᠷᠴᠦ ᠪᠠᠶᠢᠭ᠎ᠠ ᠣᠴᠢ ᠭᠢᠯᠠᠯᠵᠠᠨ ᠭᠢᠯᠠᠯᠵᠠᠵᠤ᠂ ᠰᠥᠨᠢ ᠶᠢᠨ ᠣᠭᠲᠠᠷᠭᠤᠶ ᠶᠢ ᠠᠰᠠᠭᠠᠵᠤ᠂ | ᠤᠷᠠᠨ ᠱᠠᠯᠠᠮᠠᠭᠠᠶ ᠴᠡᠴᠡᠷᠡᠨ ᠳᠡᠪᠬᠡᠷᠴᠦ᠂ ᠡᠷᠭᠢᠯᠳᠦᠵᠦ ᠪᠠᠶᠢᠭ᠎ᠠ ᠳᠡᠪᠦᠷ᠎ᠡ ᠶᠢᠨ ᠰᠡᠭᠦᠳᠡᠷ ᠲᠤ ᠭᠠᠶᠢᠬᠠᠰᠢ | ᠠᠯᠳᠠᠭᠤᠯᠤᠨ᠎ᠠ᠃ | | | | | | | | | ︽ᠪᠢ ᠰᠠᠶ᠋ᠢ ᠭᠠᠯᠲᠤ ᠳᠡᠪᠦᠷ᠎ᠡ ᠶᠢᠨ ᠲᠣᠭᠯᠠᠯᠲᠠ ᠶᠢ ᠦᠵᠡᠵᠡᠢ᠂ ᠲᠤᠩ ᠭᠤᠶᠤ᠂ ᠲᠤᠩ ᠰᠠᠶᠢᠬᠠᠨ᠂ ᠪᠢ | ᠥᠨᠥᠳᠦᠷ ᠲᠤᠩ ᠪᠠᠶᠠᠷᠲᠠᠢ ᠨᠠᠭᠠᠳᠴᠠᠢ᠃︾ ᠭᠡᠵᠦ ᠦᠵᠡᠭᠴᠢᠳ ᠰᠦᠨ ᠮᠧᠩ ᠶᠠᠨ ᠬᠡᠯᠡᠪᠡ᠃ | ︽ᠲᠡᠮᠦᠷ ᠳᠠᠪᠲᠠᠬᠤ ᠴᠡᠴᠡᠭ︾ ᠪᠣᠯ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠬᠤ | ᠪᠥᠭᠡᠳ ᠪᠠᠶᠠᠷ ᠤᠨ ᠡᠳᠦᠷ ᠢ ᠪᠡᠯᠭᠡᠯᠡᠬᠦ ᠠᠷᠭ᠎ᠠ ᠬᠡᠯᠪᠡᠷᠢ ᠶᠢᠨ ᠨᠢᠭᠡ ᠪᠣᠯᠤᠨ᠎ᠠ᠃ ᠭᠠᠷ ᠤᠷᠠᠴᠤᠳ ᠬᠠᠶᠢᠯᠤᠭᠰᠠᠨ | ᠪᠤᠴᠠᠯᠤᠮ᠎ᠠ ᠬᠠᠯᠠᠭᠤᠨ ᠲᠡᠮᠦᠷ ᠤᠨ ᠤᠰᠤ ᠶᠢ ᠠᠭᠠᠷ ᠲᠤ ᠰᠦᠷᠴᠢᠨ ᠣᠷᠣᠭᠤᠯᠵᠤ᠂ ᠨᠢᠮᠭᠡᠬᠡᠨ ᠰᠦᠷᠴᠢᠭᠰᠡᠨ | ᠠᠯᠲᠠᠨ ᠰᠢᠷᠭᠠᠯ ︽ᠠᠭᠠᠳᠠᠷ ᠪᠣᠷᠣᠭᠠᠨ︾ ᠢ ᠪᠤᠢ ᠪᠣᠯᠭᠠᠵᠤ᠂ ᠲᠤᠬᠠᠢ ᠶᠢᠨ ᠲᠠᠯᠠᠪᠠᠢ ᠶᠢᠨ ᠦᠵᠡᠭᠴᠢᠳ ᠲᠤ ᠨᠢᠭᠡ | ᠤᠳᠠᠭᠠᠨ ᠤ ᠭᠠᠯᠵᠠᠭᠤ ᠪᠠᠯᠠᠮᠠᠳ ᠪᠠ ᠷᠣᠮᠠᠨᠲ᠋ᠢᠭ ᠰᠣᠯᠪᠢᠴᠠᠭᠰᠠᠨ ︽ᠬᠤᠸᠠᠷ ᠫᠤᠤᠵᠢᠩ︾ ᠢ ᠬᠠᠩᠭᠠᠵᠤ᠂ ᠥᠳᠬᠡᠨ | ᠵᠤᠵᠠᠭᠠᠨ ᠰᠢᠨ᠎ᠡ ᠵᠢᠯ ᠤᠨ ᠠᠭᠤᠷ ᠠᠮᠢᠰᠬᠤᠯ ᠢ ᠪᠤᠢ ᠪᠣᠯᠭᠠᠪᠠ᠃ | | | | | | | | | ︽ᠥᠩᠭᠡᠷᠡᠭᠡᠭᠰᠡᠨ ᠳᠤ ᠵᠥᠪᠬᠡᠨ ᠰᠦᠯᠵᠢᠶᠡᠨ ᠳᠡᠭᠡᠷ᠎ᠡ ᠲᠡᠮᠦᠷ ᠳᠠᠪᠲᠠᠬᠤ ᠬᠤᠸᠠᠷ ᠤᠨ ᠸᠢᠳᠢᠣ᠋ ᠶᠢ ᠦᠵᠡᠵᠦ | ᠥᠩᠭᠡᠷᠡᠵᠡᠶ᠂ ᠲᠦᠴᠢᠦᠸᠠᠨ ᠪᠠᠰᠠ ᠲᠡᠮᠦᠷ ᠳᠠᠪᠲᠠᠬᠤ ᠬᠤᠸᠠᠷ ᠪᠠᠶᠢᠨ᠎ᠠ ᠭᠡᠵᠦ ᠪᠣᠳᠣᠵᠤ ᠣᠯᠤᠭᠰᠠᠨ ᠦᠭᠡᠢ᠂ ᠪᠢ | ᠥᠨᠥᠳᠦᠷ ᠲᠤᠰᠬᠠᠢᠯᠠᠨ ᠢᠷᠡᠵᠦ ᠦᠵᠡᠪᠡ᠂ ᠲᠤᠬᠠᠶ ᠶᠢᠨ ᠲᠠᠯᠠᠪᠠᠢ ᠳᠤ ᠦᠵᠡᠭᠰᠡᠨ ᠨᠢ ᠦᠨᠡᠬᠡᠷ ᠬᠥᠮᠦᠨ ᠢ | ᠰᠣᠴᠢᠭᠠᠮ᠎ᠠ᠃︾ ᠭᠡᠵᠦ ᠦᠵᠡᠭᠴᠢᠳ ᠵᠠᠩ ᠸᠧᠨ ᠰᠢᠤ ᠬᠡᠯᠡᠪᠡ᠃ | ᠰᠥᠨᠢ ᠪᠠᠷ ᠬᠤᠶᠠᠭᠲᠤ ᠮᠠᠰᠢᠨ ᠲᠡᠷᠭᠡᠨ ᠤ ᠠᠯᠬᠤᠭ᠎ᠠ ᠪᠠᠷ᠂ ᠲᠥᠪ ᠴᠡᠴᠡᠷᠯᠢᠭ ᠲᠤ᠂ ︽ᠲᠦᠮᠡᠨ ᠬᠡᠷᠡᠭ | ᠲᠡᠭᠦᠰ ᠪᠦᠲᠦᠬᠦ︾᠂ ︽ᠬᠠᠪᠤᠷ ᠤᠨ ᠠᠭᠤᠯᠠ ᠳᠤ︾᠂ ︽ᠲᠠᠨ ᠤ ᠪᠤᠴᠠᠵᠤ ᠢᠷᠡᠬᠦ ᠶᠢ ᠬᠦᠯᠢᠶᠡᠶ᠎ᠡ︾᠂ ︽ | ᠬᠠᠮᠤᠭ ᠤᠨ ᠳᠣᠲᠣᠨᠣ ᠬᠥᠮᠦᠨ︾᠂ ︽ᠬᠠᠷ᠎ᠠ ᠲᠤᠭᠤᠷ A︾᠂ ︽ᠪᠠᠶᠠᠷ ᠪᠠᠶᠠᠰᠤᠯ ᠲᠠᠢ ᠮᠣᠷᠳᠠᠵᠠᠭᠠᠶ᠎ᠠ︾᠂ ︽ | ᠲᠠᠯ᠎ᠠ ᠨᠤᠲᠤᠭ ᠲᠤ ᠮᠥᠩᠬᠡ ᠶᠢᠨ ᠨᠡᠷᠡᠨ ᠮᠠᠨᠳᠤᠯ᠎ᠠ︾᠂ ︽ᠲᠤᠭᠤᠷ ᠤᠨ ᠴᠡᠴᠡᠭ ᠳᠡᠯᠭᠡᠷᠡᠯ᠎ᠡ︾᠂ ︽ᠡᠳ᠋ ᠢᠶᠠᠨ | ᠬᠠᠶᠢᠷᠠᠯᠠᠵᠤ ᠥᠪᠡᠷ ᠤᠨ ᠪᠡᠶ᠎ᠡ ᠪᠠᠨ ᠬᠠᠶᠢᠷᠠᠯᠠᠶ᠎ᠠ︾᠂ ᠨᠠᠶᠢᠷᠠᠯ ᠳᠠᠭᠤᠤ ︽ᠬᠠᠷᠢᠯᠴᠠᠨ ᠬᠠᠶᠢᠷᠠᠯᠠᠯᠴᠠᠶᠠ︾ ᠵᠡᠷᠭᠡ | ᠲᠣᠭᠯᠠᠯᠲᠠ ᠡᠭᠡᠯᠵᠢᠯᠡᠨ ᠭᠠᠷᠴᠤ᠂ ᠲᠤᠬᠠᠢ ᠶᠢᠨ ᠲᠠᠯᠠᠪᠠᠢ ᠶᠢᠨ ᠦᠵᠡᠭᠴᠢᠳ ᠲᠤ ᠬᠠᠷᠠᠭᠠᠨ ᠰᠡᠷᠡᠯ ᠤᠨ ᠦᠪᠡᠳᠡᠭᠰᠢ | ᠳᠠᠶᠢᠯᠠᠯᠭ᠎ᠠ ᠶᠢ ᠰᠣᠨᠢᠷᠬᠠᠭᠤᠯᠪᠠ᠃ ᠡᠨᠡ ᠬᠤᠭᠤᠴᠠᠭᠠᠨ ᠳᠤ ᠪᠠᠰᠠ ᠬᠠᠷᠢᠯᠴᠠᠨ ᠬᠥᠳᠡᠯᠦᠯᠴᠡᠵᠦ ᠱᠠᠩᠨᠠᠯ ᠰᠤᠭᠤᠯᠬᠤ | ᠠᠵᠢᠯᠯᠠᠭ᠎ᠠ ᠥᠷᠨᠢᠭᠦᠯᠵᠦ᠂ ᠲᠦᠴᠢᠦᠸᠠᠨ ᠰᠢᠶᠠᠨ ᠤ ᠤᠯᠠᠭᠠᠨᠮᠥ᠋ᠴᠢᠷ ᠤᠨ ᠵᠣᠬᠢᠶᠠᠨ ᠪᠦᠳᠦᠭᠡᠭᠰᠡᠨ ᠬᠡᠦᠬᠡᠳ ᠤᠨ | ᠵᠦᠴᠦᠭᠡ ︽ᠨᠠᠶᠮᠠᠯᠵᠢ ᠶᠢᠨ ᠬᠠᠴᠢᠨ ᠤᠴᠠᠷᠠᠯ︾ ᠤᠨ ᠳᠣᠲᠣᠷᠠᠬᠢ ᠨᠠᠶᠮᠠᠯᠵᠢ ᠨᠢ ᠲᠤᠬᠠᠶ ᠶᠢᠨ ᠲᠠᠯᠠᠪᠠᠶ ᠶᠢᠨ | ᠦᠵᠡᠭᠴᠢᠳ ᠲᠤ ᠵᠢᠵᠢᠭ ᠪᠡᠯᠡᠭ ᠬᠦᠷᠭᠡᠪᠡ᠃ | ︽ᠥᠪᠥᠷ ᠮᠣᠩᠭᠤᠯ ᠢᠶᠠᠨ ᠮᠠᠭᠲᠠᠨ ᠳᠠᠭᠤᠯᠠᠵᠤ᠂ ᠲᠦᠴᠢᠦᠸᠠᠨ ᠳᠤ ᠰᠢᠨᠡᠯᠡᠶ᠎ᠡ︾ ᠭᠡᠬᠦ ᠴᠠᠭᠠᠨ ᠰᠠᠷ᠎ᠠ ᠶᠢᠨ | ᠲᠦᠴᠢᠦᠸᠠᠨ ᠤ ᠰᠢᠨ᠎ᠡ ᠵᠢᠯ ᠤᠨ ᠭᠤᠣᠯ ᠰᠡᠳᠦᠪᠲᠦ ᠰᠢᠷᠢᠰ ᠠᠵᠢᠯᠯᠠᠭ᠎ᠠ ᠠᠮᠵᠢᠯᠲᠠ ᠲᠠᠢ ᠶᠠᠪᠤᠭᠳᠠᠵᠤ᠂ ᠤᠯᠠᠨ | ᠲᠦᠮᠡᠨ ᠤ ᠤᠶᠤᠨ ᠰᠠᠨᠠᠭ᠎ᠠ ᠰᠣᠶᠣᠯ ᠤᠨ ᠠᠮᠢᠳᠤᠷᠠᠯ ᠢ ᠲᠤᠶᠢᠯ ᠤᠨ ᠶᠡᠭᠡ ᠪᠠᠷ ᠪᠠᠶᠠᠯᠢᠭᠵᠢᠭᠤᠯᠵᠤ᠂ ᠮᠣᠭᠠᠢ ᠵᠢᠯ | ᠤᠨ ᠴᠠᠭᠠᠨ ᠰᠠᠷ᠎ᠠ ᠶᠢ ᠴᠤ ᠤᠯᠠᠮ ᠰᠢᠮᠡᠳᠬᠡᠵᠡᠢ᠃ | |