ᠬᠢᠴᠢᠶᠡ︕  ᠬᠦᠮᠦᠨ ᠢ ᠦᠬᠦᠬᠦᠯᠬᠦ ᠦᠬᠦᠬᠦ ᠨᠣᠷᠮ᠎ᠠ ᠨᠢ 70% ᠳᠤ ᠬᠦᠷᠴᠦ ᠪᠤᠢ︕  ᠡᠶᠢᠮᠦᠷᠬᠦᠦ ︽  ᠠᠮᠢ  ᠶᠢ  ᠬᠤᠷᠤᠭᠠᠳᠠᠭ  ᠪᠠᠺᠲ᠋ᠧᠷᠢ︾ ᠲᠠᠨ ᠤ ᠭᠡᠷ ᠤᠨ ᠬᠥᠷᠥᠭᠡᠭᠦᠷ ᠲᠤ ᠨᠢᠭᠤᠭᠳᠠᠵᠤ ᠪᠠᠶᠢᠬᠤ ᠮᠠᠭᠠᠳ ᠦᠭᠡᠢ
ᠨᠡᠶᠢᠲᠡᠯᠡᠭᠰᠡᠨ ᠴᠠᠭ᠄
2024/9/3
   ᠣᠶᠢᠷ᠎ᠠ ᠳᠤ ᠠᠮᠧᠷᠢᠺᠠ ᠳᠤ 2011 ᠣᠨ ᠠᠴᠠ ᠨᠠᠭᠠᠰᠢᠬᠢ ᠬᠠᠮᠤᠭ ᠤᠨ ᠲᠣᠮᠣ ᠯᠢᠰᠲ᠋ᠢ ᠪᠠᠺᠲ᠋ᠧᠷᠢ ᠶᠢᠨ ᠬᠢᠵᠢᠭ ᠡᠭᠦᠰᠴᠦ 9 ᠬᠥᠮᠦᠨ ᠦᠬᠦᠵᠡᠢ᠃ ᠵᠧᠵᠢᠶᠠᠩ ᠤᠨ ᠣᠯᠠᠨ ᠭᠠᠵᠠᠷ ᠲᠤ ᠪᠠᠰᠠ ᠯᠢᠰᠲ ᠪᠠᠺᠲ᠋ᠧᠷᠢ ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠭᠠᠷᠴᠠᠢ᠂ ᠲᠡᠷᠡ ᠨᠢ ᠢᠳᠡᠭᠡᠨ ᠢᠶᠠᠷ ᠬᠠᠯᠳᠠᠪᠤᠷᠢᠯᠠᠵᠤ᠂ - 20 ℃ ᠤᠨ ᠬᠦᠢᠲᠡᠨ ᠣᠷᠴᠢᠨ ᠳᠤ ᠨᠢᠭᠡ ᠵᠢᠯ ᠠᠮᠢᠳᠤᠷᠠᠵᠤ ᠴᠢᠳᠠᠳᠠᠭ᠃    ᠣᠶᠢᠷ᠎ᠠ ᠳᠤ᠂ ᠬᠠᠩᠵᠧᠦ ᠶᠢᠨ 60 ᠭᠠᠷᠤᠬᠰᠠᠨ ᠨᠢᠭᠡᠨ ᠨᠠᠰᠤᠳᠠᠨ ᠼᠧᠨ ᠠᠪᠠᠭ᠋ᠠᠶ ᠶᠡᠭᠡ ᠪᠠᠷ ᠬᠠᠯᠠᠭᠤᠷᠠᠵᠦ ᠬᠠᠯᠠᠭᠤᠨ ᠨᠢ ᠪᠠᠭᠤᠷᠠᠬᠤ ᠥᠬᠡᠶ ᠪᠠᠶᠢᠬᠰᠠᠨ ᠢᠶᠠᠨ ᠬᠡᠨᠡᠳᠳᠡ ᠮᠠᠨᠠᠷᠠᠬᠰᠠᠨ ᠠᠴᠠ ᠪᠠᠴᠢᠮ ᠲᠦᠷᠭᠡᠨ ᠠᠪᠣᠷᠠᠯᠳᠠ ᠶᠢᠨ ᠦᠷᠤᠬᠡᠨ ᠳᠤ ᠬᠦᠷᠭᠡᠨ ᠡᠮᠨᠡᠭᠦᠯᠪᠡ᠃ ᠡᠮᠴᠢ ᠲᠡᠭᠦᠨ ᠤ ᠡᠪᠡᠳᠴᠢᠨ ᠤ ᠬᠢᠨᠢ ᠪᠠᠶᠢᠳᠠᠯ ᠢ ᠠᠰᠠᠭᠤᠵᠤ ᠪᠠᠶᠢᠴᠠᠭᠠᠬᠤ  ᠪᠠᠷ ᠲᠠᠮᠵᠢᠭᠠᠳ ᠤᠳᠠᠭᠠᠨ ᠡᠳᠦᠷ ᠲᠠᠯᠪᠢᠭᠰᠠᠨ ᠲᠠᠷᠪᠤᠰ ᠢᠳᠡᠭᠰᠡᠨ ᠢᠶᠠᠷ ᠠᠵᠠ ᠪᠤᠰᠤ ᠪᠠᠷ ᠯᠢᠰᠲ ᠪᠠᠺᠲ᠋ᠧᠷᠢ ᠳᠤ ᠬᠠᠯᠳᠠᠪᠤᠷᠢᠯᠠᠭᠳᠠᠵᠤ ᠲᠠᠷᠢᠬᠢᠨ ᠤ ᠢᠳᠡᠭᠡᠲᠦ ᠬᠠᠪᠤᠳᠠᠷ ᠪᠤᠯᠤᠬᠰᠠᠨ ᠢ ᠮᠡᠳᠡᠵᠡᠢ᠃    6 ᠰᠠᠷ᠎ᠠ ᠳᠤ᠂ ᠸᠧᠨᠵᠧᠦ ᠶᠢᠨ ᠨᠢᠭᠡᠨ ᠵᠢᠷᠮᠦᠰᠦᠨ ᠪᠦᠰᠡᠭᠦᠢ ᠬᠥᠷᠥᠭᠡᠭᠦᠷ ᠲᠤᠳᠤᠷ᠎ᠠ ᠪᠠᠨ ᠲᠠᠯᠪᠢᠵᠦ ᠪᠠᠶᠢᠬᠰᠠᠨ ᠠᠮᠰᠠᠷ ᠢ ᠨᠢ ᠨᠡᠭᠡᠭᠡᠭᠰᠡᠨ ᠰᠢᠨ᠎ᠡ ᠦᠨᠢᠶᠡᠨ ᠰᠦ ᠶᠢ ᠤᠤᠭᠤᠭᠠᠳ ᠴᠢᠰᠤ ᠦᠵᠢᠷᠡᠬᠦ ᠡᠪᠡᠳᠴᠢᠨ ᠡᠭᠦᠰᠭᠡᠵᠦ᠂ ᠬᠡᠪᠡᠯᠢ ᠳᠠᠬᠢ ᠬᠡᠦᠬᠡᠳ ᠢ ᠡᠷᠲᠡ ᠬᠥᠩᠭᠡᠵᠢᠭᠦᠯᠵᠦ᠂ ᠬᠠᠯᠳᠠᠪᠤᠷᠢᠯᠠᠯ ᠤᠨ ᠴᠢᠨᠠᠷᠲᠠᠢ ᠱᠣᠺ ᠪᠣᠯᠪᠠ᠃ ᠲᠡᠭᠡᠭᠡᠳ ᠲᠤᠰ ᠡᠪᠡᠳᠴᠢᠲᠡᠨ ᠢ ᠯᠢᠰᠲ ᠪᠠᠺᠲ᠋ᠧᠷᠢ ᠳᠤ ᠬᠠᠯᠳᠠᠪᠤᠷᠢᠯᠠᠭᠳᠠᠪᠠ ᠭᠡᠵᠦ ᠣᠨᠣᠰᠢᠯᠠᠨ ᠲᠤᠳᠤᠯᠠᠬᠰᠠᠨ ᠪᠠᠶᠢᠨ᠎ᠠ᠃    ᠯᠢᠰᠲ ᠪᠠᠺᠲ᠋ᠧᠷᠢ ᠪᠣᠯ ᠪᠠᠶᠢᠭᠠᠯᠢ ᠶᠢᠷᠲᠢᠨᠴᠦ ᠳᠤ ᠥᠷᠭᠡᠨ ᠢᠶᠠᠷ ᠣᠷᠣᠰᠢᠵᠤ ᠪᠠᠶᠢᠳᠠᠭ ᠨᠢᠭᠡ ᠵᠦᠢᠯ ᠤᠨ ᠪᠠᠺᠲ᠋ᠧᠷᠢ  ᠮᠥᠨ᠂ ᠲᠡᠷᠡ ᠨᠢ ᠢᠳᠡᠭᠡᠨ ᠠᠴᠠ ᠰᠢᠯᠲᠠᠭᠠᠯᠠᠭᠰᠠᠨ ᠡᠪᠡᠳᠴᠢᠨ ᠢ ᠬᠡᠨᠡᠳᠳᠡ ᠡᠭᠦᠰᠭᠡᠳᠡᠭ ᠭᠤᠣᠯ ᠡᠪᠡᠳᠴᠢᠨ ᠡᠭᠦᠰᠭᠡᠭᠴᠢ ᠮᠥᠨ᠂ ᠪᠠᠰᠠ ᠴᠤ ᠠᠮᠢᠨ ᠳᠤ ᠬᠦᠷᠭᠡᠬᠦ ᠢᠳᠡᠭᠡᠨ ᠠᠴᠠ ᠰᠢᠯᠲᠠᠭᠠᠯᠠᠭᠰᠠᠨ ᠡᠪᠡᠳᠴᠢᠨ ᠡᠭᠦᠰᠭᠡᠭᠴᠢ ᠶᠢᠨ ᠨᠢᠭᠡ ᠮᠥᠨ᠂ ᠲᠡᠭᠦᠨ ᠤ ᠬᠦᠮᠦᠨ ᠢ ᠦᠬᠦᠬᠦᠯᠬᠦ ᠨᠤᠷᠮ᠎ᠠ ᠨᠢ 20 % ᠠᠴᠠ 50% ᠬᠦᠷᠴᠦ ᠪᠤᠢ᠃ ᠯᠢᠰᠲ ᠪᠠᠺᠲ᠋ᠧᠷᠢ ᠨᠢ 0 ᠠᠴᠠ 4 ℃ ᠤᠨ ᠬᠦᠢᠲᠡᠨ ᠣᠷᠴᠢᠨ ᠳᠤ ᠮᠥᠨ ᠯᠡ ᠦᠷᠡᠵᠢᠵᠦ᠂ - 20 ℃ ᠤᠨ ᠬᠦᠢᠲᠡᠨ ᠣᠷᠴᠢᠨ ᠳᠤ ᠴᠤ 1 ᠵᠢᠯ ᠠᠮᠢᠳᠤᠷᠠᠵᠤ ᠴᠢᠳᠠᠳᠠᠭ︕ ᠲᠦᠭᠦᠬᠡᠶ ᠰᠦ ᠵᠢᠴᠢ ᠲᠡᠭᠦᠨ ᠤ ᠪᠦᠲᠦᠭᠡᠭᠳᠡᠬᠦᠨ᠂ ᠵᠠᠶᠢᠷᠮᠠᠭ᠂ ᠲᠦᠭᠦᠬᠡᠶ ᠢᠳᠡᠭᠡᠨ᠂ ᠵᠢᠮᠢᠰ ᠢᠳᠡᠰᠢᠨ ᠨᠣᠭᠤᠭ᠎ᠠ᠂ ᠮᠢᠬ᠎ᠠ ᠵᠢᠴᠢ ᠮᠢᠬᠠᠨ ᠢᠳᠡᠭᠡᠨ᠂ ᠬᠦᠢᠳᠡᠨ ᠪᠣᠯᠭᠤᠭᠰᠠᠨ ᠢᠳᠡᠭᠡᠨ ᠲᠦᠭᠦᠭᠡᠢ ᠢᠳᠡᠭᠡᠨ᠂ ᠣᠳᠣᠭᠰᠠᠨ ᠢᠳᠡᠭᠡᠨ ᠵᠡᠷᠭᠡ ᠨᠢ ᠪᠦᠷ ᠯᠢᠰᠲ ᠪᠠᠺᠲ᠋ᠧᠷᠢ ᠳᠤ ᠠᠮᠠᠷᠬᠠᠨ ᠪᠣᠬᠢᠷᠲᠤᠭᠳᠠᠬᠤ ᠢᠳᠡᠭᠡᠨ ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号