ᠤᠯᠤᠰ ᠲᠠᠭᠠᠨ ᠦᠢᠯᠡᠳᠪᠦᠷᠢᠯᠡᠭᠰᠡᠨ HPV ᠸᠠᠺᠼᠢᠨ ᠤ ᠦᠨ᠎ᠡ ᠨᠢ ᠬᠢᠮᠳᠠᠷᠠᠭᠠᠳ ᠨᠢᠭᠡ ᠴᠣᠮᠣ ᠰᠦ  ᠲᠠᠢ ᠴᠠᠢ ᠶᠢᠨ ᠦᠨ᠎ᠡ ᠲᠠᠢ ᠲᠡᠩᠴᠡᠪᠡ︕ ᠬᠢᠮᠳᠠᠷᠠᠯᠳᠠ ᠶᠢᠨ ᠬᠡᠮᠵᠢᠶ᠎ᠡ ᠨᠢ ᠶᠢᠰᠦᠨ ᠬᠤᠪᠢ ᠰᠢᠬᠠᠮ ᠪᠤᠯᠵᠠᠢ
ᠨᠡᠶᠢᠲᠡᠯᠡᠭᠰᠡᠨ ᠴᠠᠭ᠄
2024/8/9
   ᠲᠦᠷᠦᠭᠦᠬᠡᠨ᠂ ︽ᠤᠯᠤᠰ ᠲᠠᠭᠠᠨ ᠦᠢᠯᠡᠳᠪᠦᠷᠢᠯᠡᠭᠰᠡᠨ HPV ᠸᠠᠺᠼᠢᠨ ᠤ ᠦᠨ᠎ᠡ ᠨᠢ ᠬᠢᠮᠳᠠᠷᠠᠭᠠᠳ ᠨᠢᠭᠡ ᠴᠣᠮᠣ ᠰᠦ ᠲᠠᠢ ᠴᠠᠶ ᠶᠢᠨ ᠦᠨ᠎ᠡ ᠲᠠᠢ ᠲᠡᠩᠴᠡᠪᠡ︾ ᠭᠡᠬᠦ ᠶᠠᠷᠢᠶ᠎ᠠ ᠨᠢ ᠪᠢᠴᠢᠯ ᠪᠯᠤᠭ ᠤᠨ ᠬᠠᠯᠠᠮᠰᠢᠯ ᠬᠠᠶᠢᠯᠲᠠ ᠪᠤᠯᠤᠬᠰᠠᠨ ᠶᠠᠪᠤᠳᠠᠯ ᠨᠢ ᠣᠯᠠᠨ ᠤ ᠠᠩᠬᠠᠷᠤᠯ ᠢ ᠶᠡᠬᠡᠳᠡ ᠲᠠᠲᠠᠵᠤ ᠬᠠᠯᠠᠭᠤᠨ ᠶᠠᠷᠢᠯᠴᠠᠭ᠎ᠠ ᠪᠤᠯᠪᠠ᠃ ᠣᠶᠢᠯᠠᠭᠠᠭᠰᠠᠨ ᠢᠶᠠᠷ᠂ ᠤᠯᠤᠰ ᠲᠠᠭᠠᠨ ᠦᠢᠯᠡᠳᠪᠦᠷᠢᠯᠡᠭᠰᠡᠨ ᠬᠤᠶᠠᠷ ᠸᠠᠯᠤᠨ᠋ᠲ ᠤᠨ ᠬᠥᠮᠦᠨ ᠤ ᠬᠥᠬᠦᠨᠴᠢᠷ ᠬᠠᠪᠤᠳᠠᠷ ᠤᠨ ᠸᠢᠷᠦ᠋ᠰ ᠤᠨ ᠸᠠᠺᠼᠢᠨ ︵ᠬᠤᠶᠠᠷ ᠸᠠᠯᠤᠨ᠋ᠲ ᠤᠨ HPV︶ ᠤ ᠲᠠᠩ ᠰᠢᠷᠭᠡᠭ ᠤᠨ ᠳᠠᠭᠠᠭᠠᠴᠢᠯᠠᠯᠲᠠ ᠶᠢᠨ ᠦᠨ᠎ᠡ ᠨᠢ ᠬᠢᠮᠳᠠᠷᠠᠭᠠᠳ 20 ᠭᠠᠷᠤᠶ ᠲᠥᠭᠦᠷᠢᠭ ᠪᠣᠯᠪᠠ᠃ ᠬᠢᠮᠳᠠᠷᠠᠯᠳᠠ ᠶᠢᠨ ᠬᠡᠮᠵᠢᠶ᠎ᠡ ᠨᠢ ᠶᠢᠰᠦᠨ ᠬᠤᠪᠢ ᠰᠢᠬᠠᠮ ᠪᠤᠯᠵᠤ ᠦᠨ᠎ᠡ ᠬᠠᠨᠭ᠍ᠰᠢ ᠨᠢ 27.5 ᠲᠥᠭᠦᠷᠢᠭ ᠪᠣᠯᠵᠣ ᠬᠢᠮᠳᠠᠷᠠᠵᠠᠢ᠃    ᠲᠦᠷᠦᠭᠦᠬᠡᠨ᠂ ᠱᠠᠨᠳᠦ᠋ᠩ ᠮᠤᠵᠢ ᠶᠢᠨ ᠣᠯᠠᠨ ᠨᠡᠶᠢᠲᠡ ᠶᠢᠨ ᠡᠬᠢ ᠪᠠᠶᠠᠯᠢᠭ ᠤᠨ ᠡᠯᠧᠺᠲᠷᠣᠨ ᠠᠷᠠᠯᠵᠢᠶᠠᠨ ᠤ ᠲᠠᠪᠴᠠᠩ ᠠᠴᠠ ᠱᠠᠨᠳᠦ᠋ᠩ ᠮᠤᠵᠢ ᠶᠢᠨ 2024 ᠣᠨ ᠤ ᠰᠤᠷᠭᠠᠭᠤᠯᠢ ᠳᠤ ᠣᠷᠣᠬᠤ ᠨᠠᠰᠤᠨ ᠳᠤ ᠭᠦᠷᠦᠭᠰᠡᠨ ᠦᠬᠢᠳ ᠤᠨ ᠬᠤᠶᠠᠷ ᠸᠠᠯᠤᠨ᠋ᠲ ᠤᠨ HPV ᠸᠠᠺᠼᠢᠨ ᠢ ᠬᠤᠳᠠᠯᠳᠤᠨ ᠠᠪᠬᠤ ᠠᠷᠠᠯᠵᠢᠶ᠎ᠠ ᠪᠦᠲᠦᠭᠰᠡᠨ ᠠᠯᠪᠠᠨ ᠵᠠᠷ ᠢ ᠨᠡᠶᠢᠲᠡᠯᠡᠪᠡ᠃ ᠡᠭᠦᠨ ᠳᠤ᠂ ᠸᠤᠷᠰᠤᠨ ᠠᠮᠢᠳᠤ ᠪᠣᠳᠠᠰ ᠤᠨ ᠬᠤᠪᠢᠶᠠᠷᠢ ᠺᠣᠮᠫᠠᠨᠢ ᠶᠢᠨ ᠽᠧ ᠷᠦᠨ ᠠᠮᠢᠳᠤ ᠪᠣᠳᠠᠰ ᠤᠨ ᠺᠣᠮᠫᠠᠨᠢ ᠨᠢ  ᠪᠠᠷᠤᠭ 2794. 65 ᠲᠦᠮᠡᠨ ᠲᠥᠭᠦᠷᠢᠭ ᠢᠶᠠᠷ 101.62 ᠲᠦᠮᠡᠨ ᠰᠢᠷᠬᠡᠭ ᠤᠨ ᠳᠠᠭᠠᠭᠠᠴᠢᠯᠠᠯᠲᠠ ᠶᠢ ᠤᠯᠪᠠ᠃ ᠡᠭᠦᠨ ᠢᠶᠠᠷ ᠪᠤᠳᠤᠪᠠᠯ᠂ ᠬᠤᠶᠠᠷ ᠸᠠᠯᠤᠨ᠋ᠲ ᠤᠨ HPV ᠸᠠᠺᠼᠢᠨ ᠤ ᠲᠠᠩ ᠰᠢᠷᠬᠡᠭ  ᠤᠨ ᠳᠠᠭᠠᠭᠠᠴᠢᠯᠠᠯᠲᠠ ᠶᠢᠨ ᠦᠨ᠎ᠡ ᠨᠢ ᠨᠢᠭᠡᠨᠲᠡ 27.5 ᠲᠥᠭᠦᠷᠢᠭ ᠪᠣᠯᠵᠣ ᠬᠢᠮᠳᠠᠷᠠᠬᠰᠠᠨ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号