ᠬᠢᠴᠢᠶᠡ︕ ᠣᠯᠠᠨ ᠬᠥᠮᠦᠨ ᠨᠢᠭᠤᠷ ᠤᠨ ᠰᠠ ᠤᠯᠪᠠ︕ ᠡᠨᠡ ᠬᠦ ︽ᠰᠢᠳᠢᠲᠦ ᠵᠡᠪᠰᠡᠭ︾ ᠢ ᠮᠠᠰᠢ ᠣᠯᠠᠨ ᠬᠥᠮᠦᠨ ᠶᠠᠭ ᠬᠡᠷᠡᠭᠯᠡᠵᠦ ᠪᠠᠶᠢᠨ᠎ᠠ
ᠨᠡᠶᠢᠲᠡᠯᠡᠭᠰᠡᠨ ᠴᠠᠭ᠄
2024/8/2
  ᠣᠶᠢᠷ᠎ᠠ ᠳᠤ ᠠᠭᠠᠷ ᠤᠨ ᠳᠤᠯᠠᠭᠠᠨ ᠲᠠᠰᠤᠷᠠᠯᠲᠠ ᠥᠬᠡᠶ ᠳᠡᠭᠡᠭᠰᠢᠯᠡᠬᠦ ᠶᠢ ᠳᠠᠭᠠᠯᠳᠤᠨ ︽ᠬᠠᠯᠠᠭᠤᠨ ᠪᠠᠭᠤᠷᠠᠭᠤᠯᠬᠤ ᠰᠢᠳᠢᠲᠦ ᠵᠡᠪᠰᠡᠭ︾ ᠨᠢ ᠴᠥᠭᠡᠨ ᠪᠤᠰᠤ ᠬᠥᠮᠦᠨ ᠤ ᠵᠠᠶᠢᠯᠠᠰᠢ ᠥᠬᠡᠶ ᠬᠡᠷᠡᠭᠴᠡᠭᠡ ᠪᠣᠯᠵᠠᠶ᠃ ᠨᠢᠭᠡ ᠵᠦᠢᠯ ᠤᠨ ᠬᠦᠵᠦᠭᠦᠪᠴᠢ ᠮᠠᠶ᠋ᠢᠭ ᠤᠨ ᠴᠠᠬᠢᠯᠭᠠᠨ ᠰᠡᠩᠰᠡ ᠨᠢ ᠣᠯᠠᠨ ᠤ ᠬᠦᠷᠢᠶᠡᠯᠡᠯ ᠢ ᠣᠯᠵᠤ ᠪᠤᠢ᠃ ᠰᠤᠷᠪᠤᠯᠵᠢᠯᠠᠭᠴᠢ ᠡᠯᠧᠺᠲᠷᠣᠨ ᠬᠤᠳᠠᠯᠳᠤᠭᠠᠨ ᠤ ᠲᠠᠪᠴᠠᠩ ᠳᠤ ᠭᠠᠷᠴᠤ ᠠᠵᠢᠬᠯᠠᠬᠤ ᠳᠤ ᠰᠦᠯᠵᠢᠶᠡᠨ ᠳᠡᠭᠡᠷ᠎ᠡ ᠵᠦᠢᠯ ᠵᠦᠢᠯ ᠤᠨ ᠰᠣᠨᠢᠨ ᠰᠡᠪᠡᠭᠦᠨ ︽ᠰᠡᠷᠢᠭᠦᠨ ᠠᠭᠠᠷ ᠲᠣᠬᠢᠷᠠᠭᠤᠯᠤᠭᠴᠢ︾ ᠬᠤᠳᠠᠯᠳᠤᠵᠤ ᠪᠠᠶᠢᠬᠤ ᠶᠢ ᠣᠯᠵᠤ ᠬᠠᠷᠠᠪᠠ᠂ ᠡᠭᠦᠨ ᠢ ᠬᠦᠮᠦᠰ ᠰᠡᠷᠢᠬᠦᠴᠡᠬᠦ ᠠᠭᠠᠷ ᠲᠣᠬᠢᠷᠠᠭᠤᠯᠤᠭᠴᠢ ᠭᠡᠵᠦ ᠪᠤᠢ᠃ ᠡᠶᠢᠮᠦ ᠰᠠᠩᠰᠠ ᠨᠢ ᠬᠡᠷᠡᠭᠯᠡᠬᠦ ᠳᠤ ᠳᠥᠭᠦᠮ ᠪᠣᠯᠪᠠᠴᠤ᠂ ᠠᠶᠤᠯ ᠲᠦᠭᠰᠢᠬᠦᠷᠢ ᠲᠠᠢ ᠪᠠᠶᠢᠵᠤ ᠮᠡᠳᠡᠨ᠎ᠡ᠃    ᠭᠤᠸᠠᠩᠰᠢ ᠶᠢᠨ ᠨᠠᠨᠨᠢᠩ ᠳᠤ ᠨᠢᠭᠡᠨ 7 ᠨᠠᠰᠤᠲᠠᠶ ᠬᠦᠦ ᠬᠦᠵᠦᠭᠦᠪᠴᠢ ᠮᠠᠶ᠋ᠢᠭ ᠤᠨ ᠰᠠᠩᠰᠠ ᠶᠢ ᠬᠦᠵᠦᠬᠦᠨ  ᠳᠡᠭᠡᠨ ᠬᠢᠵᠦ ᠤᠨᠲᠠᠭᠰᠠᠨ ᠠᠴᠠ ᠪᠣᠯᠵᠤ ᠨᠢᠭᠤᠷ ᠤᠨ ᠰᠠ ᠤᠯᠪᠠ︕ ᠨᠡᠶᠢᠭᠡᠮ ᠤᠨ ᠬᠠᠷᠢᠯᠴᠠᠭᠠᠨ ᠤ ᠲᠠᠪᠴᠠᠩ ᠳᠡᠭᠡᠷ᠎ᠡ ᠪᠠᠰᠠ ᠠᠭᠠᠷ ᠲᠣᠬᠢᠷᠠᠭᠤᠯᠤᠭᠴᠢ᠂ ᠰᠠᠯᠬᠢᠨ ᠰᠠᠩᠰᠠ ᠵᠡᠷᠭᠡ ᠰᠡᠷᠢᠬᠦᠴᠡᠬᠦᠯᠬᠦ ᠲᠥᠬᠦᠭᠡᠷᠦᠮᠵᠢ ᠶᠢ ᠵᠣᠬᠢᠰ ᠥᠬᠡᠶ ᠬᠡᠷᠡᠭᠯᠡᠭᠰᠡᠨ ᠠᠴᠠ ᠪᠣᠯᠵᠣ ᠨᠢᠭᠤᠷ ᠤᠨ ᠰᠠ ᠡᠪᠡᠳᠴᠢᠨ ᠤᠯᠤᠬᠰᠠᠨ ᠵᠢᠱᠢᠶ᠎ᠡ ᠵᠦᠡᠭᠳᠡᠭᠡᠨ ᠪᠠᠶᠢᠨ᠎ᠠ᠃    ᠬᠦᠵᠦᠭᠦᠪᠴᠢ ᠮᠠᠶ᠋ᠢᠭ ᠤᠨ ᠰᠠᠩᠰᠠ ᠬᠡᠳᠦ᠋ᠢᠪᠡᠷ ᠭᠡᠷᠡᠭᠯᠡᠬᠦ ᠳᠥᠭᠦᠮ ᠪᠣᠯᠪᠠᠴᠤ ᠳᠤᠤᠷᠠᠬᠢ ᠬᠤᠤᠷ ᠬᠥᠨᠥᠭᠡᠯ  ᠲᠠᠢ ᠪᠠᠶᠢᠳᠠᠭ ᠢ ᠠᠩᠬᠠᠷᠬᠤ ᠬᠡᠷᠡᠭᠲᠡᠶ︕    1. ᠬᠡᠰᠡᠭ ᠦᠢᠯᠡᠳᠬᠦᠨ ᠳᠤ ᠵᠢᠷᠤᠭ ᠲᠥᠯᠥᠪᠯᠡᠭᠡᠨ ᠤ ᠳᠤᠲᠠᠭᠳᠠᠯ ᠣᠷᠣᠰᠢᠵᠤ ᠪᠠᠶᠢᠨ᠎ᠠ    2. ᠭᠠᠯ ᠭᠠᠷᠬᠤ ᠠᠶᠤᠯ ᠲᠠᠢ    3. ᠬᠡᠦᠬᠡᠳ ᠢ ᠠᠮᠠᠷᠬᠠᠨ ︽ᠰᠢᠷᠬᠠᠲᠤᠭᠤᠯᠵᠦ︾ ᠪᠠᠶᠢᠳᠠᠭ    4. ᠬᠦᠵᠦᠭᠦᠪᠴᠢ ᠮᠠᠶ᠋ᠢᠭ ᠤᠨ ᠰᠠᠩᠰᠠ ᠪᠠᠷ ᠰᠢᠭᠤᠳ ᠦᠯᠢᠶᠡᠯᠭᠡᠪᠡᠯ ᠨᠢᠭᠤᠷ ᠤᠨ ᠰᠠ ᠤᠯᠵᠤ ᠮᠡᠳᠡᠨ᠎ᠡ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号