ᠣᠶᠢᠷ᠎ᠠ ᠶᠢᠨ ᠵᠢᠯ ᠤᠳ ᠲᠤ᠂ ︽ᠬᠤᠤᠰ ᠨᠡᠭᠦᠷᠡᠰᠦᠲᠥ᠋ᠷᠥᠭᠴᠢ︾ ᠶᠢᠨ ᠬᠠᠷᠠᠯᠲᠠ ᠶᠢ ᠪᠥᠬᠦ ᠲᠠᠯ᠎ᠠ ᠪᠠᠷ | ᠨᠠᠶᠢᠳᠠᠪᠤᠷᠢᠵᠢᠭᠤᠯᠵᠤ᠂ ᠰᠢᠨ᠎ᠡ ᠡᠨᠧᠷᠭᠢ ᠶᠢᠨ ᠠᠵᠤ ᠦᠶᠯᠡᠰ ᠤᠨ ᠬᠥᠭᠵᠢᠯᠲᠡ ᠠᠴᠠ ᠪᠣᠯᠤᠭᠰᠠᠨ ᠴᠢᠬᠤᠯᠠ ᠶᠡᠭᠡ | ᠠᠵᠠ ᠲᠣᠬᠢᠶᠠᠯ ᠢ ᠵᠠᠪᠳᠤᠨ ᠠᠳᠬᠤᠬᠤ ᠶᠢᠨ ᠲᠥᠯᠥᠭᠡ᠂ ᠲᠦᠴᠢᠦᠸᠠᠨ ᠰᠢᠶᠠᠨ ᠴᠠᠭ ᠢᠮᠠᠭᠲᠠ ᠪᠥᠬᠦ ᠬᠤᠷᠳᠤᠴᠠ | ᠪᠠᠷ ᠭᠦᠶᠦᠬᠦ ᠬᠠᠯᠠᠭᠤᠨ ᠤ ᠬᠡᠮᠵᠢᠶ᠎ᠡ ᠪᠠ ᠬᠤᠷᠳᠤᠴᠠ ᠶᠢ ᠪᠠᠲᠤᠯᠠᠵᠤ᠂ ᠰᠠᠯᠬᠢᠨ ᠬᠦᠴᠦᠨ ᠤ ᠴᠠᠬᠢᠯᠭᠠᠨ ᠤ ᠵᠠᠬ᠎ᠠ | ᠳᠡᠯᠭᠡᠭᠦᠷ ᠢ ᠬᠥᠭᠵᠢᠭᠦᠯᠦᠨ ᠪᠤᠵᠠᠭᠠᠶᠢᠷᠠᠭᠤᠯᠵᠤ᠂ ᠰᠢᠨ᠎ᠡ ᠡᠨᠧᠷᠭᠢ ᠶᠢᠨ ᠠᠵᠤ ᠦᠶᠯᠡᠰ ᠢ ᠪᠥᠬᠦ ᠰᠢᠶᠠᠨ ᠤ ᠠᠵᠤ | ᠠᠬᠤᠶ ᠨᠡᠶᠢᠭᠡᠮ ᠤᠨ ᠲᠦᠷᠭᠡᠨ ᠬᠥᠭᠵᠢᠯᠲᠡ ᠶᠢ ᠳᠠᠶᠢᠴᠢᠯᠠᠬᠤ ᠬᠦᠴᠦᠷᠬᠡᠭ ᠶᠡᠭᠡ ︽ᠬᠥᠳᠡᠯᠭᠡᠭᠦᠷ︾ ᠪᠣᠯᠭᠠᠭᠰᠠᠨ | ᠪᠠᠶᠢᠨ᠎ᠠ᠃ | | ᠣᠶᠢᠷ᠎ᠠ ᠶᠢᠨ ᠡᠳᠦᠷ ᠤᠳ ᠲᠤ᠂ ᠯᠢᠦ ᠬᠣ᠋ ᠪᠠᠯᠭᠠᠰᠤᠨ ᠳᠤ ᠪᠠᠶᠢᠭ᠎ᠠ ᠥᠪᠥᠷ ᠮᠣᠩᠭᠤᠯ ᠤᠨ ᠡᠨᠧᠷᠭᠢ ᠶᠢᠨ | ᠲᠦᠴᠢᠦᠸᠠᠨ ᠰᠢᠶᠠᠨ ᠤ ᠵᠠᠭᠤᠨ ᠲᠦᠮᠡᠨ ᠺᠢᠯᠣᠸᠠᠲ ᠤᠨ ᠰᠠᠯᠬᠢᠨ ᠨᠥᠭᠡᠴᠡ ᠶᠢᠨ ᠰᠠᠭᠤᠷᠢᠨ ᠭᠠᠵᠠᠷ ᠤᠨ ᠲᠥᠷᠥᠯ | ᠵᠦᠶᠯ ᠤᠨ ᠪᠠᠷᠢᠯᠭ᠎ᠠ ᠶᠢᠨ ᠲᠤᠬᠠᠶ ᠶᠢᠨ ᠲᠠᠯᠠᠪᠠᠶ ᠳᠤ ᠶᠠᠭᠠᠷᠠᠯᠲᠠᠶ ᠠᠵᠢᠯᠯᠠᠵᠤ᠂ ᠠᠵᠢᠯᠴᠢᠳ ᠥᠪᠡᠷ ᠥᠪᠡᠷ ᠤᠨ | ᠠᠵᠢᠯ ᠤᠨ ᠪᠠᠶᠢᠷᠢ ᠳᠡᠭᠡᠷ᠎ᠡ ᠪᠠᠨ ᠪᠥᠬᠦ ᠬᠦᠴᠦᠨ ᠢᠶᠠᠷ ᠢᠶᠠᠨ ᠠᠬᠢᠴᠠ ᠪᠠᠨ ᠲᠦᠷᠭᠡᠳᠬᠡᠵᠦ᠂ ᠲᠥᠷᠥᠯ ᠵᠦᠶᠯ ᠤᠨ | ᠪᠥᠲᠥᠭᠡᠨ ᠪᠠᠶᠢᠭᠤᠯᠤᠯᠲᠠ ᠶᠢ ᠯᠠᠪᠳᠠᠭᠤᠨ ᠢᠶᠠᠷ ᠠᠬᠢᠭᠤᠯᠵᠤ ᠪᠠᠶᠢᠨ᠎ᠠ᠃ | | ᠥᠪᠥᠷ ᠮᠣᠩᠭᠤᠯ ᠤᠨ ᠡᠨᠧᠷᠭᠢ ᠶᠢᠨ ᠲᠦᠴᠢᠦᠸᠠᠨ ᠰᠢᠶᠠᠨ ᠤ ᠵᠠᠭᠤᠨ ᠲᠦᠮᠡᠨ ᠺᠢᠯᠣᠸᠠᠲ ᠤᠨ ᠰᠠᠯᠬᠢᠨ | ᠨᠥᠭᠡᠴᠡ ᠶᠢᠨ ᠰᠠᠭᠤᠷᠢᠨ ᠤ ᠲᠥᠷᠥᠯ ᠵᠦᠶᠯ ᠤᠨ ᠪᠠᠷᠢᠯᠭ᠎ᠠ ᠶᠢᠨ ᠲᠤᠬᠠᠶ ᠶᠢᠨ ᠲᠠᠯᠠᠪᠠᠶ ᠳᠤ᠂ ᠠᠵᠢᠯᠴᠢᠳ ᠲᠣᠰ | ᠲᠣᠰ ᠤᠨ ᠠᠵᠢᠯ ᠤᠨ ᠲᠣᠭᠤᠷᠢᠭ ᠲᠠᠭᠠᠨ ᠲᠠᠷᠬᠠᠵᠤ᠂ ᠶᠠᠭ ᠴᠠᠬᠢᠯᠭᠠᠨ ᠬᠤᠪᠢᠰᠬᠠᠬᠤ ᠥᠷᠲᠡᠭᠡ ᠶᠢᠨ ᠪᠠᠷᠢᠯᠭ᠎ᠠ | ᠶᠢᠨ ᠠᠵᠢᠯ ᠢ ᠡᠮᠬᠢ ᠵᠢᠷᠤᠮ ᠲᠠᠢ ᠬᠢᠵᠦ᠂ ᠰᠠᠯᠬᠢᠨ ᠬᠦᠴᠦᠨ ᠤ ᠮᠠᠰᠢᠨ ᠤ ᠰᠠᠭᠤᠷᠢ ᠪᠣᠯᠣᠳ ᠰᠢᠷᠪᠥᠰᠥ ᠶᠢ | ᠤᠶᠠᠵᠤ᠂ ᠳᠠᠷᠤᠯᠲᠠ ᠳᠡᠭᠡᠭᠰᠢᠯᠡᠭᠦᠯᠬᠦ ᠥᠷᠲᠡᠭᠡ ᠶᠢᠨ ᠭᠤᠤᠯ ᠭᠠᠵᠠᠷ ᠵᠠᠯᠭᠠᠬᠤ ᠲᠣᠤᠷ ᠢ ᠪᠠᠷᠢᠵᠤ᠂ SVG | ᠲᠥᠬᠦᠭᠡᠷᠦᠮᠵᠢ ᠶᠢᠨ ᠰᠠᠭᠤᠷᠢ ᠪᠣᠯᠣᠳ ᠰᠢᠷᠪᠥᠰᠥ ᠶᠢ ᠤᠶᠠᠬᠤ ᠪᠠ ᠬᠡᠪ ᠬᠠᠪᠲᠠᠰᠤ ᠤᠭᠰᠠᠷᠠᠬᠤ…… ᠠᠵᠢᠯ ᠤᠨ | ᠬᠤᠪᠢᠶᠠᠷᠢᠯᠠᠯ ᠲᠣᠳᠣᠷᠬᠠᠶ᠂ ᠡᠮᠬᠢ ᠵᠢᠷᠤᠮ ᠲᠠᠢ ᠶᠠᠪᠤᠭᠳᠠᠵᠤ᠂ ᠡᠯ᠎ᠡ ᠵᠦᠶᠯ ᠤᠨ ᠪᠥᠲᠥᠭᠡᠨ ᠪᠠᠶᠢᠭᠤᠯᠤᠯᠲᠠ ᠶᠢᠨ | ᠡᠭᠦᠷᠭᠡ ᠡᠮᠬᠢ ᠴᠡᠭᠴᠡ ᠲᠠᠢ ᠶᠠᠪᠤᠭᠳᠠᠵᠤ ᠪᠣᠶ᠃ | | ︽ᠲᠦᠴᠢᠦᠸᠠᠨ ᠤ ᠵᠠᠭᠤᠨ ᠲᠦᠮᠡᠨ ᠺᠢᠯᠣᠸᠠᠲ ᠤᠨ ᠰᠠᠯᠬᠢᠨ ᠨᠥᠭᠡᠴᠡ ᠶᠢᠨ ᠰᠠᠭᠤᠷᠢᠨ ᠭᠠᠵᠠᠷ ᠤᠨ ᠲᠥᠷᠥᠯ | ᠵᠦᠶᠯ ᠨᠢ ᠶᠠᠭ ᠰᠠᠯᠬᠢᠨ ᠬᠦᠴᠦᠨ ᠤ ᠮᠠᠰᠢᠨ ᠤ ᠰᠠᠭᠤᠷᠢ᠂ ᠬᠤᠯᠢᠮᠠᠭ ᠰᠤᠪᠤᠷᠭ᠎ᠠ ᠶᠢ ᠳᠡᠭᠦᠵᠢᠯᠡᠨ ᠤᠭᠰᠠᠷᠠᠬᠤ | ᠵᠢᠴᠢ ᠳᠠᠷᠤᠯᠲᠠ ᠨᠡᠮᠡᠭᠳᠡᠭᠦᠯᠬᠦ ᠥᠷᠲᠡᠭᠡ ᠶᠢᠨ ᠰᠢᠷᠣᠶ ᠶᠢᠨ ᠪᠠᠷᠢᠯᠭ᠎ᠠ ᠶᠢᠨ ᠠᠵᠢᠯ ᠢ ᠬᠢᠵᠦ ᠪᠣᠶ᠂ ᠰᠠᠯᠬᠢᠨ ᠬᠦᠴᠦᠨ | ᠤ ᠮᠠᠰᠢᠨ ᠨᠢ ᠨᠢᠭᠡᠨᠲᠡ 35 ᠶᠢ ᠮᠠᠯᠲᠠᠵᠤ᠂ 13 ᠶᠢ ᠴᠢᠳᠬᠤᠨ ᠪᠠᠷᠢᠵᠤ ᠳᠠᠭᠤᠰᠬᠠᠨ᠂ ᠪᠦᠬᠦᠯᠢ ᠴᠣᠭᠴᠠ ᠶᠢᠨ | ᠪᠠᠷᠢᠯᠭ᠎ᠠ ᠶᠢᠨ ᠠᠬᠢᠴᠠ ᠶᠢᠨ 16 % ᠶᠢ ᠪᠡᠶᠡᠯᠡᠭᠦᠯᠵᠦ ᠪᠣᠶ᠂ ᠣᠲᠣ ᠨᠢᠭᠡᠨᠲᠡ ᠪᠦᠬᠦᠨ ᠢᠶᠠᠷ ᠢᠶᠠᠨ ᠪᠠᠷᠢᠯᠭ᠎ᠠ ᠶᠢᠨ | ᠠᠵᠢᠯ ᠤᠨ ᠣᠷᠭᠢᠯ ᠤᠨ ᠬᠤᠭᠤᠴᠠᠭᠠᠨ ᠳᠤ ᠣᠷᠣᠪᠠ᠂ ᠲᠠᠷᠠᠭᠠᠴᠢ ᠶᠢᠨ ᠠᠯᠬᠤᠮ ᠳᠤ᠂ ᠰᠠᠯᠬᠢᠨ ᠬᠦᠴᠦᠨ ᠤ | ᠮᠠᠰᠢᠨ ᠤ ᠰᠠᠭᠤᠷᠢ᠂ ᠬᠤᠯᠢᠮᠠᠭ ᠰᠤᠪᠤᠷᠭ᠎ᠠ ᠶᠢ ᠳᠡᠭᠦᠵᠢᠯᠡᠨ ᠤᠭᠰᠠᠷᠠᠬᠤ᠂ ᠬᠤᠷᠠᠮᠠᠯ ᠴᠠᠬᠢᠯᠭᠠᠨ ᠬᠡᠯᠬᠢᠶ᠎ᠡ ᠵᠢᠴᠢ | ᠳᠠᠷᠤᠯᠲᠠ ᠨᠡᠮᠡᠭᠳᠡᠭᠦᠯᠬᠦ ᠥᠷᠲᠡᠭᠡ ᠶᠢ ᠤᠭᠰᠠᠷᠠᠬᠤ ᠪᠠᠷᠢᠯᠭ᠎ᠠ ᠶᠢᠨ ᠠᠵᠢᠯ ᠢ ᠬᠢᠵᠦ᠂ ᠵᠢᠱᠢᠯᠲᠡ ᠪᠠᠷ 2024 ᠣᠨ | ᠤ 12 ᠰᠠᠷ᠎ᠠ ᠶᠢᠨ 15 ᠤ ᠡᠳᠦᠷ ᠠᠰᠢᠭᠯᠠᠯᠲᠠ ᠳᠤ ᠣᠷᠣᠵᠤ ᠴᠠᠬᠢᠯᠭᠠᠨ ᠭᠠᠷᠭᠠᠨ᠎ᠠ᠃︾ ᠭᠡᠵᠦ ᠳᠤᠮᠳᠠᠳᠤ | ᠤᠯᠤᠰ ᠤᠨ ᠴᠠᠬᠢᠯᠭᠠᠨ ᠪᠠᠶᠢᠭᠤᠯᠤᠯᠲᠠ ᠶᠢᠨ ᠪᠦᠯᠦᠭᠯᠡᠯ ᠤᠨ ᠬᠤᠸᠠᠳᠦ᠋ᠩ ᠬᠠᠶᠢᠨ ᠬᠡᠮᠵᠢᠬᠦ ᠵᠢᠷᠤᠭ ᠲᠥᠯᠥᠪᠯᠡᠭᠡᠨ ᠤ | ᠰᠤᠳᠤᠯᠭᠠᠨ ᠤ ᠬᠦᠷᠢᠶᠡᠯᠡᠩ ᠤᠨ ᠬᠢᠵᠠᠭᠠᠷᠲᠤ ᠺᠣᠮᠫᠠᠨᠢ ᠶᠢᠨ ᠲᠦᠴᠢᠦᠸᠠᠨ ᠤ ᠵᠠᠭᠤᠨ ᠲᠦᠮᠡᠨ ᠺᠢᠯᠣᠸᠠᠲ ᠤᠨ | ᠰᠠᠯᠬᠢᠨ ᠨᠥᠭᠡᠴᠡ ᠶᠢᠨ ᠰᠠᠭᠤᠷᠢᠨ ᠤ ᠲᠦᠷᠦᠯ ᠵᠦᠢᠯ ᠤᠨ ᠪᠠᠶᠢᠩᠭᠤ ᠶᠢᠨ ᠳᠠᠭᠠᠭᠠᠮᠠᠯ ᠴᠧᠨ ᠯᠸᠢ ᠬᠡᠯᠡᠪᠡ᠃ | | ᠣᠶᠢᠯᠠᠭᠠᠭᠰᠠᠨ ᠢᠶᠠᠷ᠂ ᠲᠣᠰ ᠲᠥᠷᠥᠯ ᠵᠦᠶᠯ ᠢ ᠥᠪᠥᠷ ᠮᠣᠩᠭᠤᠯ ᠤᠨ ᠮᠧᠩ ᠨᠧᠩ ᠯᠢ ᠴᠢᠤᠸᠠᠨ ᠡᠨᠧᠷᠭᠢ | ᠶᠢᠨ ᠬᠢᠵᠠᠭᠠᠷᠲᠤ ᠺᠣᠮᠫᠠᠨᠢ ᠪᠥᠲᠥᠭᠡᠨ ᠪᠠᠶᠢᠭᠤᠯᠵᠤ᠂ ᠯᠢᠦ ᠬᠣ᠋ ᠪᠠᠯᠭᠠᠰᠤ᠂ ᠰᠢᠤᠸᠠᠢ ᠲᠢᠶᠠᠨ ᠰᠢᠶᠠᠩ ᠳᠤ ᠪᠥᠲᠥᠭᠡᠨ | ᠪᠠᠶᠢᠭᠤᠯᠵᠤ᠂ ᠨᠡᠶᠢᠲᠡ 45.2 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠪᠠ᠃ ᠮᠠᠰᠢᠨ ᠴᠣᠭᠴᠠᠯᠠᠪᠤᠷᠢ ᠶᠢᠨ | ᠪᠠᠭᠲᠠᠭᠠᠮᠵᠢ ᠨᠢ 100 ᠲᠦᠮᠡᠨ ᠺᠢᠯᠣᠸᠠᠲ ᠪᠠᠶᠢᠵᠤ᠂ ᠡᠨᠧᠷᠭᠢ ᠶᠢᠨ ᠬᠠᠩᠭᠠᠯᠭ᠎ᠠ ᠶᠢ ᠪᠠᠲᠤᠯᠠᠬᠤ ᠴᠢᠳᠠᠪᠤᠷᠢ ᠶᠢ | ᠴᠢᠩᠭᠠᠳᠬᠠᠬᠤ᠂ ᠡᠨᠧᠷᠭᠢ ᠶᠢᠨ ᠪᠣᠬᠢᠷᠲᠤᠯ ᠥᠬᠡᠶ ᠪᠠᠷ ᠬᠡᠯᠪᠡᠷᠢ ᠪᠠᠨ ᠬᠤᠪᠢᠷᠠᠭᠤᠯᠬᠤ ᠶᠢ ᠠᠬᠢᠭᠤᠯᠬᠤ᠂ ᠰᠢᠨ᠎ᠡ | ᠬᠡᠯᠪᠡᠷᠢ ᠶᠢᠨ ᠴᠠᠬᠢᠯᠭᠠᠨ ᠬᠦᠴᠦᠨ ᠤ ᠰᠢᠰᠲ᠋ᠧᠮ ᠢ ᠪᠠᠶᠢᠭᠤᠯᠬᠤ᠂ ︽ᠬᠤᠤᠰ ᠨᠡᠭᠦᠷᠡᠰᠦᠲᠥ᠋ᠷᠥᠭᠴᠢ︾ ᠶᠢᠨ | ᠬᠠᠷᠠᠯᠲᠠ ᠶᠢ ᠪᠡᠶᠡᠯᠡᠭᠦᠯᠬᠦ ᠳᠤ ᠬᠦᠴᠦᠨ ᠨᠡᠮᠡᠷᠢᠯᠡᠬᠦ ᠳᠤ ᠴᠢᠬᠤᠯᠠ ᠦᠶᠯᠡᠳᠦᠯ ᠦᠵᠡᠭᠦᠯᠬᠦ ᠪᠥᠭᠡᠳ ᠲᠤᠬᠠᠶ ᠶᠢᠨ | ᠭᠠᠵᠠᠷ ᠪᠠ ᠡᠷᠬᠢᠨ ᠲᠣᠭᠤᠷᠢᠨ ᠤ ᠠᠵᠤ ᠠᠬᠤᠶ ᠶᠢᠨ ᠬᠥᠭᠵᠢᠯᠲᠡ ᠶᠢ ᠪᠦᠲᠦᠮᠵᠢᠲᠡᠶ ᠠᠬᠢᠭᠤᠯᠵᠤ᠂ ᠣᠷᠴᠢᠨ | ᠲᠣᠭᠤᠷᠢᠨ ᠤ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠤᠨ ᠬᠤᠤᠰ ᠠᠰᠢᠭ ᠢ ᠪᠡᠶᠡᠯᠡᠭᠦᠯᠬᠦ ᠪᠣᠯᠤᠨ᠎ᠠ᠃ | ᠳᠤᠮᠳᠠᠳᠤ ᠤᠯᠤᠰ ᠤᠨ ᠴᠠᠬᠢᠯᠭᠠᠨ ᠪᠠᠶᠢᠭᠤ᠋ | ᠯᠤᠯᠲᠠ ᠶᠢᠨ ᠪᠦᠯᠦᠭᠯᠡᠯ ᠤᠨ ᠬᠤᠸᠠᠳᠦ᠋ᠩ ᠤᠨ ᠬᠠᠶᠢᠨ ᠬᠡᠮᠵᠢᠬᠦ ᠵᠢᠷᠤᠭ ᠲᠥᠯᠥᠪᠯᠡᠭᠡᠨ ᠤ ᠰᠤᠳᠤᠯᠭᠠᠨ ᠤ | ᠬᠦᠷᠢᠶᠡᠯᠡᠩ ᠤᠨ ᠬᠢᠵᠠᠭᠠᠷᠲᠤ ᠺᠣᠮᠫᠠᠨᠢ ᠶᠢᠨ ᠲᠦᠴᠢᠦᠸᠠᠨ ᠤ ᠵᠠᠭᠤᠨ ᠲᠦᠮᠡᠨ ᠺᠢᠯᠣᠸᠠᠲ ᠤᠨ ᠰᠠᠯᠬᠢᠨ ᠨᠥᠭᠡᠴᠡ | ᠶᠢᠨ ᠰᠠᠭᠤᠷᠢᠨ ᠤ ᠲᠥᠷᠥᠯ ᠵᠦᠶᠯ ᠤᠨ ᠪᠠᠶᠢᠩᠭᠤ ᠶᠢᠨ ᠳᠠᠭᠠᠭᠠᠮᠠᠯ ᠴᠧᠨ ᠯᠸᠢ ᠲᠠᠨᠢᠯᠴᠠᠭᠤᠯᠬᠤ ᠳᠠᠭᠠᠨ᠄ ︽ | ᠲᠥᠷᠥᠯ ᠵᠦᠶᠯ ᠪᠠᠶᠢᠭᠤᠯᠤᠭᠳᠠᠭᠰᠠᠨ ᠤ ᠳᠠᠷᠠᠭ᠎ᠠ ᠴᠠᠬᠢᠯᠭᠠᠨ ᠬᠠᠩᠭᠠᠬᠤ ᠣᠷᠣᠨ ᠪᠦᠰᠡ ᠶᠢᠨ ᠴᠠᠬᠢᠯᠭᠠᠨ ᠬᠡᠷᠡᠭᠯᠡᠬᠦ | ᠪᠠᠴᠢᠮ ᠪᠠᠶᠢᠳᠠᠯ ᠢ ᠪᠦᠲᠦᠮᠵᠢᠲᠡᠶ ᠨᠠᠮᠳᠠᠭᠤᠯᠵᠤ᠂ ᠵᠢᠱᠢᠯᠲᠡ ᠪᠠᠷ ᠵᠢᠯ ᠪᠦᠷᠢ 22.47 ᠳ᠋ᠦᠩᠰᠢᠭᠤᠷ ᠺᠢᠯᠣᠸᠠᠲ | ᠴᠠᠭ ᠪᠤᠬᠢᠷᠳᠤᠯ ᠦᠭᠡᠢ ᠴᠠᠬᠢᠯᠭᠠᠨ ᠬᠠᠩᠭᠠᠵᠤ᠂ ᠵᠢᠯ ᠪᠦᠷᠢ 67.75 ᠲᠦᠮᠡᠨ ᠲᠣᠨ ᠪᠠᠷᠢᠮᠵᠢᠶᠠᠲᠤ ᠨᠡᠭᠦᠷᠡᠰᠦ | ᠠᠷᠪᠢᠯᠠᠵᠤ᠂ ᠪᠠᠷᠤᠭ 211.59 ᠲᠦᠮᠡᠨ ᠲᠣᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ᠂ 2600 ᠲᠣᠨ | ᠣᠲᠤᠭ᠎ᠠ ᠲᠣᠭᠤᠰᠣ ᠶᠢ ᠭᠠᠳᠠᠭᠰᠢᠯᠠᠭᠤᠯᠬᠤ ᠶᠢ ᠪᠠᠭᠠᠰᠬᠠᠨ᠂ ᠲᠤᠬᠠᠶ ᠶᠢᠨ ᠭᠠᠵᠠᠷ ᠤᠨ ᠠᠮᠢ ᠠᠬᠤᠶ ᠶᠢᠨ ᠣᠷᠴᠢᠨ | ᠲᠣᠭᠤᠷᠢᠨ ᠢ ᠪᠦᠲᠦᠮᠵᠢᠲᠡᠶ ᠬᠠᠮᠠᠭᠠᠯᠠᠨ᠎ᠠ︾ ᠭᠡᠵᠡᠢ᠃ | | ᠣᠳᠣᠬᠠᠨ ᠪᠣᠯᠲᠠᠯ᠎ᠠ᠂ ᠨᠡᠶᠢᠲᠡ 11 ᠰᠢᠨ᠎ᠡ ᠡᠨᠧᠷᠭᠢ ᠶᠢᠨ ᠠᠵᠤ ᠠᠬᠤᠶᠢᠯᠠᠯ ᠢ ᠪᠠᠶᠢᠭᠤᠯᠵᠤ᠂ ᠡᠭᠦᠨ ᠳᠤ 6 | ᠬᠡᠷᠡᠯ ᠴᠡᠨᠡᠭ ᠤᠨ ᠠᠵᠤ ᠠᠬᠤᠶᠢᠯᠠᠯ ᠤᠨ ᠶᠡᠷᠦᠩᠬᠡᠶ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ ᠨᠢ 41.43 | ᠲᠦᠮᠡᠨ ᠺᠢᠯᠣᠸᠠᠲ ᠲᠤ ᠬᠦᠷᠴᠡᠶ︔ ᠰᠠᠯᠬᠢᠨ ᠬᠦᠴᠦᠨ ᠤ ᠴᠠᠬᠢᠯᠭᠠᠨ ᠤ 5 ᠠᠵᠤ ᠠᠬᠤᠶᠢᠯᠠᠯ ᠤᠨ ᠮᠠᠰᠢᠨ | ᠴᠣᠭᠴᠠᠯᠠᠪᠤᠷᠢ ᠶᠢᠨ ᠶᠡᠷᠦᠩᠬᠡᠢ ᠪᠠᠭᠲᠠᠭᠠᠮᠵᠢ 59.7 ᠲᠦᠮᠡᠨ ᠺᠢᠯᠣᠸᠠᠲ ᠲᠤ ᠬᠦᠷᠪᠡ᠃ ᠲᠦᠴᠢᠦᠸᠠᠨ ᠰᠢᠶᠠᠨ | ᠶᠠᠭ ᠰᠢᠨ᠎ᠡ ᠡᠨᠧᠷᠭᠢ ᠶᠢᠨ ᠠᠵᠤ ᠦᠶᠯᠡᠰ ᠤᠨ ᠲᠥᠷᠥᠯ ᠵᠦᠶᠯ ᠤᠨ ᠪᠥᠲᠥᠭᠡᠨ ᠪᠠᠶᠢᠭᠤᠯᠤᠯᠲᠠ ᠶᠢᠨ ᠠᠯᠬᠤᠴᠠ ᠶᠢ | ᠲᠦᠷᠭᠡᠳᠬᠡᠨ ᠠᠬᠢᠭᠤᠯᠵᠤ᠂ ᠰᠢᠨ᠎ᠡ ᠡᠨᠧᠷᠭᠢ ᠶᠢᠨ ᠠᠵᠤ ᠦᠶᠯᠡᠰ ᠢ ︽ᠲᠦᠷᠭᠡᠨ ᠬᠤᠷᠳᠤᠴᠠᠳᠤ ᠵᠠᠮ ᠳᠤ | ᠣᠷᠣᠭᠤᠯᠬᠤ ᠪᠠᠷ ᠴᠢᠷᠮᠠᠶᠢᠵᠤ ᠪᠠᠶᠢᠨ᠎ᠠ︾᠃ |