ᠵᠤᠨ ᠤ ᠣᠷᠭᠢᠯᠤᠮ᠎ᠠ ᠰᠡᠳᠬᠢᠯᠭᠡ ᠶᠢ ᠬᠦᠭᠵᠢᠭᠡᠨ᠎ᠡ︕ ︽ᠠᠭᠤᠯᠵᠠᠭᠰᠠᠨ ᠥᠬᠡᠶ ᠤᠳᠠᠯ᠎ᠠ︾ ᠭᠡᠬᠦ ᠴᠦᠨ ᠵᠧᠦ ᠶᠢᠨ ᠫᠢᠸᠤ᠋ ᠬᠥᠭᠵᠢᠮ ᠤᠨ ᠤᠯᠠᠷᠢᠯ ᠤᠨ ᠠᠬᠤᠶ ᠲᠠᠯᠠᠪᠠᠶ ᠳᠤ ᠬᠦᠤᠷ ᠬᠦᠭᠵᠢᠶᠡᠨ ᠲᠠᠢ ᠪᠠᠶᠢᠨ᠎ᠠ
ᠨᠡᠶᠢᠲᠡᠯᠡᠭᠰᠡᠨ ᠴᠠᠭ᠄
2024/7/30
   7 ᠰᠠᠷ᠎ᠠ ᠶᠢᠨ 28 ᠤ ᠡᠳᠦᠷ᠂ ᠲᠦᠴᠢᠦᠸᠠᠨ ᠰᠢᠶᠠᠨ ᠤ ︽ᠠᠭᠤᠯᠵᠠᠭ᠎ᠠ ᠥᠬᠡᠶ ᠤᠳᠠᠯ᠎ᠠ︾ ᠭᠡᠰᠡᠨ ᠴᠦᠨ ᠵᠧᠦ ᠶᠢᠨ ᠫᠢᠸᠤ᠋ ᠬᠥᠭᠵᠢᠮ ᠤᠨ ᠤᠯᠠᠷᠢᠯ ᠡᠬᠢᠯᠡᠵᠦ᠂ ᠴᠦᠨ ᠵᠧᠦ ᠶᠢᠨ ᠡᠷᠲᠡᠨ ᠤ ᠬᠤᠲᠠ ᠳᠥᠷᠪᠡᠨ ᠵᠦᠭ ᠨᠠᠶᠮᠠᠨ ᠵᠣᠪᠬᠢᠰ ᠤᠨ ᠵᠤᠭᠠᠴᠠᠭᠰᠠᠳ ᠢ ᠪᠠᠶᠠᠷᠯᠠᠨ ᠤᠭᠲᠤᠵᠤ᠂ ᠵᠣᠨ ᠤ ᠪᠠᠶᠠᠷ ᠢ ᠬᠠᠮᠲᠤ ᠪᠠᠷ ᠡᠳ᠋ᠯᠡᠪᠡ᠃
   ᠡᠷᠲᠡᠨ ᠤ ᠬᠤᠲᠠ ᠶᠢᠨ ᠠᠭᠤᠳᠠᠮ ᠲᠠᠯᠠᠪᠠᠢ ᠳᠤ ᠲᠦᠭᠦᠷᠡᠲᠡᠯ᠎ᠡ ᠬᠥᠮᠦᠨ ᠰᠠᠭᠤᠵᠤ᠂ ᠡᠮᠦᠨᠡᠰᠢ ᠤᠮᠠᠷᠠᠰᠢ ᠵᠣᠷᠴᠢᠬᠤ ᠵᠤᠭᠠᠴᠠᠭᠰᠠᠳ ᠫᠢᠸᠣ᠋ ᠤᠤᠭᠤᠵᠤ᠂ ᠠᠮᠲᠠᠲᠤ ᠢᠳᠡᠭᠡᠨ ᠢᠳᠡᠵᠦ᠂ ᠲᠠᠪᠤ ᠭᠤᠷᠪᠠᠨ ᠰᠠᠶᠢᠨ ᠨᠠᠶᠢᠵᠠ ᠪᠠᠨ ᠳᠠᠭᠠᠭᠤᠯᠵᠤ᠂ ᠲᠤᠬᠠᠢ ᠶᠢᠨ ᠲᠠᠯᠠᠪᠠᠢ ᠶᠢᠨ ᠬᠠᠯᠠᠭᠤᠨ ᠠᠭᠤᠷ ᠠᠮᠢᠰᠬᠤᠯ ᠤᠨ ᠳᠤᠮᠳᠠ ᠬᠠᠨᠲᠠᠯ᠎ᠠ ᠤᠤᠭᠤᠵᠤ᠂ ᠵᠣᠭᠤᠭ ᠳᠡᠯᠭᠡᠵᠦ᠂ ᠰᠡᠳᠬᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠬᠥᠮᠦᠨ ᠢ ᠰᠣᠭᠲᠣᠷᠠᠭᠤᠯᠤᠮ᠎ᠠ ᠦᠵᠡᠮᠵᠢ ᠳᠤᠮᠳᠠ ᠰᠣᠭᠲᠣᠭᠤᠷᠠᠨ᠎ᠠ᠃
   ᠪᠤᠤ ᠱᠢ ᠪᠠᠯᠭᠠᠰᠤᠨ ᠤ ᠳ᠋ᠦᠩ ᠭᠸᠦ ᠲᠣᠰᠬᠤᠨ ᠤ ᠯᠢᠦ ᠰᠢᠦ ᠯᠢ ᠴᠦᠨ ᠵᠧᠦ ᠶᠢᠨ ᠡᠷᠲᠡᠨ ᠤ ᠬᠤᠲᠠ ᠶᠢᠨ ᠫᠢᠸᠤ᠋ ᠶᠢᠨ ᠤᠯᠠᠷᠢᠯ ᠤᠨ ᠬᠥᠳᠡᠯᠭᠡᠭᠡᠨ ᠪᠠᠶᠢᠬᠤ ᠶᠢ ᠰᠣᠨᠣᠰᠤᠭᠠᠳ᠂ ᠥᠷᠯᠥᠭᠡ ᠡᠷᠲᠡ ᠭᠡᠷ ᠤᠨ ᠬᠥᠮᠦᠰ ᠢᠶᠠᠨ ᠳᠠᠭᠠᠭᠤᠯᠤᠨ ᠠᠳᠡ ᠢᠷᠡᠪᠡ᠃
   ︽ᠡᠩ ᠲᠡᠷᠢᠭᠦᠨ ᠳᠤ ᠣᠷᠣᠨ ᠨᠤᠲᠤᠭ ᠤᠨ ᠠᠵᠤ ᠠᠬᠤᠶ ᠶᠢᠨ ᠬᠥᠭᠵᠢᠯᠲᠡ ᠶᠢ ᠳᠠᠶᠢᠴᠢᠯᠠᠪᠠ᠂ ᠡᠭᠦᠨ ᠠᠴᠠ ᠭᠠᠳᠠᠨ᠎ᠠ ᠮᠠᠨ ᠤ ᠠᠷᠠᠳ ᠢᠷᠭᠡᠳ ᠠᠳᠡ ᠢᠷᠡᠵᠦ ᠦᠵᠡᠮᠵᠢ ᠰᠣᠨᠢᠷᠬᠠᠵᠤ ᠪᠣᠯᠬᠤ ᠪᠥᠭᠡᠳ ᠠᠳᠡᠬᠢ ᠠᠮᠲᠠᠲᠤ ᠢᠳᠡᠭᠡᠨ ᠢ ᠴᠦ ᠠᠮᠲᠠᠯᠠᠵᠤ ᠪᠣᠯᠤᠨ᠎ᠠ᠃︾ ᠭᠡᠵᠦ ᠯᠢᠦ ᠰᠢᠦ ᠯᠢ ᠪᠠᠶᠠᠷᠲᠠᠶ ᠪᠠᠷ ᠬᠡᠯᠡᠪᠡ᠃
   ᠠᠵᠢᠯᠯᠠᠭᠠᠨ ᠤ ᠲᠤᠬᠠᠶ ᠶᠢᠨ ᠲᠠᠯᠠᠪᠠᠶ ᠳᠤ ᠠᠮᠲᠠᠲᠤ ᠠᠷᠢᠬᠢ ᠠᠴᠠ ᠭᠠᠳᠠᠨ᠎ᠠ᠂ ᠪᠠᠰᠠ ᠭᠤᠶᠢᠳᠠ ᠰᠠᠶᠢᠬᠠᠨ ᠳᠠᠭᠤᠤ ᠬᠥᠭᠵᠢᠮ᠂ ᠪᠥᠵᠢᠭ᠂ ᠶᠠᠷᠢᠶᠠᠨ ᠤ ᠠᠪᠢᠶᠠᠰ ᠵᠡᠷᠭᠡ ᠲᠣᠭᠯᠠᠯᠲᠠ᠂ DJ ᠪᠠᠭᠰᠢ ᠠ ᠶᠦᠩ᠂ ᠪᠦᠸᠧ ᠪᠦᠸᠧ ᠬᠥᠭᠵᠢᠮ ᠤᠨ ᠪᠦᠯᠬᠦᠮ᠂ ᠰᠢᠶᠠᠨ ᠤ ᠤᠯᠠᠭᠠᠨᠮᠥ᠋ᠴᠢᠷ᠂ ᠬᠡᠩᠭᠡᠷᠭᠡ ᠬᠥᠭᠵᠢᠮ ᠤᠨ ᠰᠤᠷᠭᠠᠭᠤᠯᠢ᠂ ᠤᠮᠠᠷᠠᠲᠤ ᠲᠤᠶᠢᠯ ᠤᠨ ᠬᠡᠷᠡᠯ ᠤᠨ ᠪᠥᠵᠢᠭ ᠤᠨ ᠰᠤᠷᠭᠠᠭᠤᠯᠢ ᠪᠣᠯᠤᠨ ᠯᠠᠩ ᠷᠦᠨ ᠰᠢᠩ ᠬᠡᠷᠡᠯ ᠤᠨ ᠤᠷᠠᠯᠢᠭ ᠤᠨ ᠲᠥᠪ ᠤᠨ ᠠᠪᠴᠢᠷᠠᠭᠰᠠᠨ ᠭᠤᠶᠢᠳᠠ ᠰᠠᠶᠢᠬᠠᠨ ᠲᠣᠭᠯᠠᠯᠲᠠ ᠨᠢ ᠫᠢᠸᠤ᠋ ᠶᠢᠨ ᠤᠯᠠᠷᠢᠯ ᠳᠤ ᠭᠤᠶᠢᠳᠠ ᠰᠠᠶᠢᠬᠠᠨ ᠦᠵᠡᠵᠦ ᠰᠣᠨᠣᠰᠬᠤ ᠦᠪᠡᠳᠡᠭᠰᠢ ᠨᠠᠶᠢᠷ ᠪᠣᠯᠤᠭᠰᠠᠨ ᠪᠠᠶᠢᠨ᠎ᠠ᠃ ᠬᠥᠲᠥᠯᠥᠭᠴᠢ ᠲᠤᠬᠠᠶ ᠶᠢᠨ ᠲᠠᠯᠠᠪᠤᠷ ᠲᠤ ᠦᠵᠡᠭᠴᠢᠳ ᠢ ᠤᠷᠢᠨ ᠲᠠᠶᠢᠰᠠᠨ ᠳᠤ ᠭᠠᠷᠴᠤ ᠲᠣᠭᠯᠠᠭᠠᠮ ᠤᠨ ᠰᠣᠯᠢᠯᠴᠠᠭ᠎ᠠ ᠬᠢᠵᠦ᠂ ᠵᠢᠭᠤᠯᠴᠢᠳ ᠲᠤ ᠡᠨᠡ ᠤᠳᠠᠭᠠᠨ ᠤ ᠫᠢᠸᠤ᠋  ᠶᠢᠨ ᠦᠪᠡᠳᠡᠭᠰᠢ ᠨᠠᠶᠢᠷ ᠤᠨ ᠪᠠᠶᠠᠷ ᠪᠠᠶᠠᠰᠤᠯ ᠢ ᠪᠡᠶᠡᠴᠢᠯᠡᠨ ᠮᠡᠳᠡᠷᠡᠭᠦᠯᠪᠡ᠃ ᠰᠣᠷᠭᠤᠭ ᠰᠠᠶᠢᠬᠠᠨ ᠫᠢᠸᠣ᠋᠂ ᠭᠤᠶᠢᠳᠠ ᠰᠠᠶᠢᠬᠠᠨ ᠠᠮᠢᠵᠢᠷᠠᠯ ᠤᠨ ᠬᠦᠴᠦᠨ ᠲᠠᠢ ᠲᠣᠭᠯᠠᠯᠲᠠ᠂ ᠰᠣᠩᠭᠤᠳᠠᠭ ᠣᠨᠴᠠᠯᠢᠭ ᠲᠠᠢ ᠠᠮᠲᠠᠲᠤ ᠢᠳᠡᠭᠡᠨ  ᠨᠢ ᠲᠤᠬᠠᠢ ᠶᠢᠨ ᠲᠠᠯᠠᠪᠠᠢ ᠳᠤ ᠢᠷᠡᠭᠰᠡᠨ ᠵᠤᠭᠠᠴᠠᠭᠰᠠᠳ ᠢ ᠰᠣᠭᠲᠣᠭᠤᠷᠠᠭᠤᠯᠵᠤ᠂ ᠴᠦᠨ ᠵᠸᠤ ᠶᠢᠨ ᠡᠷᠲᠡᠨ ᠤ ᠬᠤᠳᠠ ᠶᠢᠨ ᠬᠠᠯᠠᠮᠰᠢᠯ ᠢ ᠦᠷᠭᠦᠯᠵᠢᠯᠡᠨ ᠨᠡᠮᠡᠭᠳᠡᠭᠦᠯᠵᠦ᠂ ᠵᠤᠨ ᠤ ᠤᠯᠠᠷᠢᠯ ᠤᠨ ᠣᠷᠭᠢᠯᠤᠮ᠎ᠠ ᠰᠡᠳᠬᠢᠯᠭᠡ ᠶᠢ ᠪᠦᠬᠦ ᠲᠠᠯ᠎ᠠ ᠪᠠᠷ ᠬᠥᠭᠵᠢᠭᠡᠪᠡ᠃
   ︽ᠥᠨᠥᠳᠦᠷ ᠠᠪᠤ ᠡᠵᠢ ᠨᠠᠮ᠎ᠠ ᠶᠢ ᠪᠤᠤ ᠱᠢ ᠳᠤ ᠳᠠᠭᠠᠭᠤᠯᠵᠤ ᠢᠷᠡᠭᠡᠳ᠂ ᠪᠢ ᠮᠠᠰᠢ ᠣᠯᠠᠨ ᠭᠤᠶᠤ ᠰᠠᠶᠢᠬᠠᠨ ᠢ ᠦᠵᠡᠵᠦ᠂ ᠠᠮᠲᠠᠲᠠᠢ ᠶᠠᠭᠤᠮ᠎ᠠ ᠢᠳᠡᠵᠦ᠂ ᠦᠨᠡᠬᠡᠷ ᠪᠠᠶᠠᠷᠲᠠᠢ ᠪᠠᠶᠢᠨ᠎ᠠ᠂ ᠲᠡᠶᠢᠮᠦ ᠮᠥᠷᠲᠡᠭᠡᠨ ᠵᠤᠨ ᠤ ᠠᠮᠠᠷᠠᠯᠲᠠ ᠶᠢᠨ ᠬᠤᠭᠤᠴᠠᠭᠠᠨ ᠳᠤ ᠲᠠᠭᠠᠷᠠᠵᠠᠢ᠃︾ ᠭᠡᠵᠦ ᠢᠦ᠋ᠢ ᠶᠠᠩ ᠷᠦᠢ ᠽᠧ ᠬᠡᠯᠡᠪᠡ᠃
   ᠡᠭᠦᠨ ᠢᠶᠠᠷ ᠪᠠᠷᠠᠬᠤ ᠦᠭᠡᠢ᠂ ᠲᠠᠷᠢᠶᠠᠯᠠᠩ ᠤᠨ ᠣᠨᠴᠠ ᠪᠦᠲᠦᠭᠡᠭᠳᠡᠬᠦᠨ ᠤ ᠦᠵᠡᠭᠦᠯᠭᠡ ᠶᠢᠨ ᠲᠣᠭᠤᠷᠢᠭ ᠲᠤ᠂ ᠲᠦᠴᠢᠦᠸᠠᠨ ᠰᠢᠶᠠᠨ ᠤ ᠲᠤᠰ ᠭᠠᠵᠠᠷ ᠤᠨ ᠲᠠᠷᠢᠶᠠᠯᠠᠩ ᠤᠨ ᠣᠨᠴᠠ ᠪᠦᠲᠦᠭᠡᠭᠳᠡᠬᠦᠨ ᠴᠦ ᠴᠥᠭᠡᠨ ᠪᠤᠰᠤ ᠵᠤᠭᠠᠴᠠᠭᠰᠠᠳ ᠤᠨ ᠠᠩᠬᠠᠷᠤᠯ ᠢ ᠲᠠᠲᠠᠵᠠᠢ᠃
   ︽ᠪᠢ ᠡᠨᠡ ᠥᠷᠯᠥᠭᠡ ᠶᠢᠨ 7 ᠴᠠᠭ ᠭᠠᠷᠤᠶ ᠳᠤ ᠬᠦᠷᠴᠦ ᠢᠷᠡᠪᠡ᠂ ᠨᠡᠶᠢᠲᠡ 10 ᠭᠠᠷᠤᠶ ᠵᠦᠶᠯ ᠤᠨ ᠮᠠᠨ  ᠤ ᠬᠤᠷᠰᠢᠶ᠎ᠠ ᠶᠢᠨ ᠥᠪᠡᠷ ᠢᠶᠠᠨ ᠦᠶᠯᠡᠳᠪᠦᠷᠢᠯᠡᠭᠰᠡᠨ ᠪᠤᠭᠤ ᠶᠢᠨ ᠪᠦᠲᠦᠭᠡᠭᠳᠡᠬᠦᠨ ᠢ ᠠᠪᠴᠢᠷᠠᠵᠠᠶ᠃ ᠡᠨᠡ ᠤᠳᠠᠭᠠᠨ ᠤ ᠠᠵᠢᠯᠯᠠᠭ᠎ᠠ ᠮᠠᠰᠢ ᠰᠠᠶᠢᠨ ᠶᠠᠪᠤᠭᠳᠠᠵᠤ ᠪᠠᠶᠢᠨ᠎ᠠ᠂ ᠡᠶᠢᠮᠦ ᠰᠠᠶᠢᠨ ᠵᠠᠭᠤᠴᠢ ᠶᠢᠨ ᠵᠠᠪᠰᠢᠶᠠᠨ ᠢᠶᠠᠷ ᠨᠠᠩ ᠣᠯᠠᠨ ᠬᠥᠮᠦᠨ ᠮᠠᠨ ᠤ ᠪᠤᠤ ᠱᠢ ᠶᠢᠨ ᠱᠣᠤ ᠪᠤᠭᠤ ᠶᠢ ᠣᠶᠢᠯᠠᠭᠠᠵᠤ᠂ ᠥᠪᠡᠷ ᠤᠨ ᠲᠠᠷᠢᠶᠠᠯᠠᠩ ᠤᠨ ᠪᠦᠲᠦᠭᠡᠭᠳᠡᠬᠦᠨ ᠢᠶᠠᠨ ᠣᠶᠢᠯᠠᠭᠠᠬᠤ ᠪᠣᠯᠤᠨ᠎ᠠ᠃︾ ᠭᠡᠵᠦ ᠲᠦᠴᠢᠦᠸᠠᠨ ᠰᠢᠶᠠᠨ ᠤ ᠶᠠᠨᠴᠢᠤᠸᠠᠨ ᠤ ᠱᠤᠤ ᠪᠤᠭᠤ ᠶᠢᠨ ᠣᠨᠴᠠ ᠲᠥᠷᠥᠯ ᠤᠨ ᠲᠡᠵᠢᠭᠡᠨ ᠦᠷᠡᠵᠢᠭᠦᠯᠬᠦ ᠲᠤᠰᠬᠠᠶ ᠬᠤᠷᠰᠢᠶ᠎ᠠ ᠶᠢᠨ ᠰᠢᠤᠢ ᠺᠧ ᠶᠠᠨ ᠰᠡᠳᠬᠢᠯ ᠳᠣᠭᠳᠣᠯᠤᠨ ᠬᠡᠯᠡᠪᠡ᠃
   ᠲᠣᠰ ᠤᠳᠠᠭᠠᠨ ᠤ ᠫᠢᠸᠤ᠋ ᠶᠢᠨ ᠤᠯᠠᠷᠢᠯ ᠢ ᠲᠦᠴᠢᠦᠸᠠᠨ ᠰᠢᠶᠠᠨ ᠤ ᠰᠣᠶᠣᠯ ᠵᠢᠭᠤᠯᠴᠢᠯᠠᠯ ᠤᠨ ᠠᠵᠤ ᠦᠶᠯᠡᠰ  ᠤᠨ ᠬᠥᠭᠵᠢᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠰᠢᠶᠠᠨ ᠤ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ  ᠤᠨ ᠲᠣᠪᠴᠢᠶ᠎ᠠ ᠠᠴᠠ ᠭᠤᠤᠯᠯᠠᠨ ᠡᠷᠭᠢᠯᠡᠵᠦ᠂ ᠠᠵᠢᠯᠯᠠᠭ᠎ᠠ ᠶᠢ ᠬᠡᠭᠡᠷ᠎ᠡ ᠪᠠᠭᠤᠳᠠᠯᠯᠠᠬᠤ ᠰᠢᠷᠠᠯᠠᠭ᠎ᠠ᠂ ᠴᠠᠬᠢᠯᠭᠠᠨ ᠲᠠᠭᠤᠨ ᠤ ᠨᠠᠶᠢᠷ᠂ ᠰᠡᠯᠡᠭᠦᠴᠡᠯ ᠵᠤᠭ᠎ᠠ ᠴᠡᠩᠭᠡᠯ᠂ ᠰᠣᠨᠢᠷᠬᠠᠯᠲᠤ ᠦᠶᠯᠡᠳᠦᠯᠴᠡᠯ᠂ ᠳᠠᠭᠤᠤ ᠬᠥᠭᠵᠢᠮ ᠤᠨ ᠲᠣᠭᠯᠠᠯᠲᠠ ᠵᠡᠷᠭᠡ ᠣᠯᠠᠨ ᠵᠦᠶᠯ ᠤᠨ ᠡᠯᠧᠮᠧᠨ᠋ᠲ ᠲᠠᠢ ᠠᠭᠤᠰᠤᠯᠴᠠᠭᠤᠯᠵᠤ᠂ ᠥᠷᠭᠡᠨ ᠣᠯᠠᠨ ᠵᠤᠭᠠᠴᠠᠭᠰᠠᠳ ᠲᠤ ︽ᠢᠳᠡᠬᠦ᠂ ᠰᠠᠭᠤᠬᠤ᠂ ᠶᠠᠪᠤᠬᠤ᠂ ᠵᠤᠭᠠᠴᠠᠬᠤ᠂ ᠬᠤᠳᠠᠯᠳᠤᠨ ᠠᠪᠬᠤ᠂ ᠵᠤᠭ᠎ᠠ ᠴᠡᠩᠭᠡᠯ︾ ᠤᠨ ᠨᠢᠭᠡ ᠯᠡ ᠥᠷᠲᠡᠭᠡᠨ ᠤ ᠮᠠᠶ᠋ᠢᠭ ᠤᠨ ᠣᠶᠢᠯᠠᠭᠠᠯᠲᠠ ᠬᠠᠩᠭᠠᠵᠤ᠂ ᠡᠷᠲᠡᠨ ᠤ ᠬᠤᠲᠠ ᠶᠢᠨ ᠠᠭᠠᠭᠢᠮ᠎ᠠ ᠬᠠᠯᠠᠭᠤᠨ ᠵᠣᠨ ᠤ ᠡᠳᠦᠷ ᠤᠳ ᠲᠤ ᠬᠢᠵᠠᠭᠠᠯᠠᠰᠢ ᠥᠬᠡᠶ ᠠᠮᠢᠵᠢᠷᠠᠯ ᠤᠨ ᠬᠦᠴᠦᠨ ᠨᠡᠮᠡᠷᠢᠯᠡᠭᠰᠡᠨ ᠪᠠᠶᠢᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号