︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠮᠥᠨ︾᠂ ᠲᠦᠴᠢᠦᠸᠠᠨ ᠰᠢᠶᠠᠨ | ᠤ ᠰᠢᠤᠸᠠᠢ ᠲᠢᠶᠠᠨ ᠰᠢᠶᠠᠩ ᠬᠠᠷᠢᠶ᠎ᠠ ᠣᠷᠣᠨ ᠤ ᠪᠠᠨ ᠳᠣᠲᠣᠷᠠᠬᠢ ᠣᠶᠢᠲᠤ ᠭᠠᠵᠠᠷ ᠤᠨ ᠡᠬᠢ ᠪᠠᠶᠠᠯᠢᠭ ᠢ | ᠭᠦᠢᠴᠡᠳ ᠠᠰᠢᠭᠯᠠᠵᠤ᠂ ᠤᠢ ᠳᠣᠲᠣᠷᠠᠬᠢ ᠠᠵᠤ ᠠᠬᠤᠢ ᠶᠢ ᠰᠦᠪᠡᠭᠴᠢᠯᠡᠨ ᠬᠥᠭᠵᠢᠭᠦᠯᠵᠦ᠂ ᠣᠶᠢᠲᠤ ᠭᠠᠵᠠᠷ ᠤᠨ | ᠨᠡᠮᠡᠯᠲᠡ ᠦᠷᠳᠡᠭ ᠢ ᠳᠡᠭᠡᠭᠰᠢᠯᠡᠭᠦᠯᠵᠦ᠂ ᠨᠢᠭᠡ ᠭᠠᠵᠠᠷ ᠲᠤ ᠤᠯᠠᠨ ᠠᠯᠲᠠ ᠤᠷᠭᠤᠭᠤᠯᠵᠤ᠂ ᠠᠮᠢ ᠠᠬᠤᠢ ᠶᠢᠨ | ᠦᠷ᠎ᠡ ᠠᠰᠢᠭ ᠪᠠ ᠠᠵᠤ ᠠᠬᠤᠢ ᠶᠢᠨ ᠦᠷ᠎ᠡ ᠠᠰᠢᠭ ᠢ ᠵᠡᠷᠭᠡᠪᠡᠷ ᠦᠷ᠎ᠡ ᠪᠦᠲᠦᠭᠡᠯ ᠲᠠᠢ ᠪᠣᠯᠭᠠᠵᠤ᠂ ︽ᠬᠤᠣᠰ | ᠴᠡᠴᠡᠭ︾ ᠢ ᠳᠡᠯᠭᠡᠷᠡᠭᠦᠯᠪᠡ᠃ | | ᠵᠤᠨ ᠤ ᠭᠤᠣᠯ ᠳᠤ ᠡᠪᠡᠰᠦ ᠮᠣᠳᠣ ᠴᠡᠯᠭᠡᠷᠡᠨ ᠨᠣᠭᠤᠭᠠᠷᠠᠵᠤ᠂ ᠰᠢᠤᠸᠠᠢ ᠲᠢᠶᠠᠨ ᠰᠢᠶᠠᠩ ᠤᠨ ᠰᠠᠨ ᠾᠧ | ᠲᠣᠰᠬᠤᠨ ᠤ ᠤᠯᠠᠭᠠᠨ ᠨᠠᠷᠠᠰᠤᠨ ᠮᠦᠭᠦ ᠲᠠᠷᠢᠬᠤ ᠰᠠᠭᠤᠷᠢᠨ ᠳᠤ᠂ 10 ᠭᠠᠷᠤᠢ ᠠᠵᠢᠯᠳᠠᠨ ᠤᠢ ᠶᠢᠨ ᠳᠤᠮᠳᠠᠭᠤᠷ | ᠰᠦᠯᠵᠢᠨ ᠶᠠᠪᠤᠵᠤ᠂ ᠲᠡᠭᠦᠵᠦ ᠬᠤᠷᠢᠶᠠᠬᠤ ᠪᠠᠷ ᠶᠠᠭᠠᠷᠠᠯᠳᠤᠨ᠎ᠠ᠂ ᠨᠢᠭᠡ ᠪᠠᠭᠴᠠ ᠤᠯᠠᠭᠠᠨ ᠨᠠᠷᠠᠰᠤᠨ ᠮᠦᠭᠦ | ᠪᠤᠷᠤᠭᠠᠨ ᠤ ᠳᠠᠷᠠᠭᠠᠬᠢ ᠬᠤᠯᠤᠰᠤᠨ ᠰᠦᠶ᠎ᠡ ᠮᠡᠲᠦ ᠪᠠᠷ ᠨᠠᠷᠠᠰᠤᠨ ᠵᠡᠭᠦᠦ ᠶᠢᠨ ᠬᠤᠴᠢᠵᠤ ᠪᠠᠶᠢᠭ᠎ᠠ ᠰᠢᠪᠠᠷ ᠰᠢᠷᠣᠢ | ᠠᠴᠠ ᠲᠠᠰᠤᠷᠠᠯᠳᠠ ᠦᠭᠡᠢ ᠲᠣᠯᠣᠭᠠᠢ ᠴᠤᠬᠤᠶᠢᠵᠤ᠂ ᠴᠠᠭᠠᠨ ᠮᠦᠬᠦ ᠶᠢᠨ ᠪᠠᠭᠠᠨ᠎ᠠ ᠶᠢᠨ ᠤᠷᠤᠢ ᠳᠤ ᠳᠦᠭᠦᠷᠡᠩ | ᠳᠦᠭᠦᠷᠡᠩ ᠦᠩᠭᠡ ᠲᠠᠢ ᠠᠷᠢᠬᠢᠨ ᠤ ᠤᠯᠠᠭᠠᠨ ᠮᠦᠬᠦ ᠶᠢᠨ ᠪᠦᠷᠬᠦᠭᠡᠰᠦ ᠭᠠᠷᠴᠤ᠂ ᠨᠢᠭᠡ ᠪᠠᠭᠴᠠ ᠲᠣᠭᠤᠷᠢᠭ | ᠬᠡᠩᠭᠡᠷᠭᠡ ᠶᠢᠨ ᠵᠢᠵᠢᠭ ᠰᠢᠬᠦᠷ ᠰᠢᠭ ᠪᠠᠶᠢᠵᠤ᠂ ᠤᠷᠭᠤᠴᠠ ᠨᠢ ᠮᠠᠰᠢ ᠪᠠᠶᠠᠷᠯᠠᠭᠤᠰᠢᠲᠠᠢ ᠪᠠᠶᠢᠯ᠎ᠠ᠃ | | ︽4 - 7 ᠰᠠᠷ᠎ᠠ ᠪᠣᠯ ᠤᠯᠠᠭᠠᠨ ᠨᠠᠷᠠᠰᠤᠨ ᠮᠦᠭᠦ ᠲᠡᠭᠦᠬᠦ ᠢᠳᠡ ᠤᠯᠠᠷᠢᠯ ᠪᠣᠯᠤᠨ᠎ᠠ᠂ ᠡᠨᠡ ᠬᠦ ᠰᠠᠭᠤᠷᠢᠨ | ᠭᠠᠵᠠᠷ ᠨᠢ ᠪᠠᠷᠤᠭ 50 ᠭᠠᠷᠤᠶ ᠮᠥ ᠪᠠᠶᠢᠵᠤ᠂ ᠭᠠᠭᠴᠠ ᠡᠳᠦᠷ ᠲᠤ ᠪᠠᠷᠤᠭ 1000 ᠭᠠᠷᠤᠶ ᠵᠢᠩ ᠤᠯᠠᠭᠠᠨ | ᠨᠠᠷᠠᠰᠤᠨ ᠮᠦᠭᠦ ᠭᠠᠷᠳᠠᠭ᠂ ᠲᠡᠭᠦᠭᠰᠡᠨ ᠤ ᠳᠠᠷᠠᠭ᠎ᠠ ᠬᠤᠷᠰᠢᠶ᠎ᠠ ᠠᠴᠠ ᠨᠢᠭᠡᠳᠦᠯᠲᠡᠶ ᠬᠤᠷᠢᠶᠠᠨ ᠠᠪᠴᠤ᠂ | ᠪᠣᠷᠣᠯᠠᠭᠤᠯᠭ᠎ᠠ ᠶᠢᠨ ᠵᠠᠮ ᠨᠢ ᠪᠠᠲᠤᠯᠠᠭ᠎ᠠ ᠲᠠᠢ ᠪᠣᠯᠤᠨ᠎ᠠ᠂ ᠡᠶᠢᠮᠦᠷᠬᠦᠦ ᠮᠦᠭᠦ ᠶᠢᠨ ᠲᠥᠷᠥᠯ ᠤᠨ ᠥᠰᠥᠯᠲᠡ ᠶᠢᠨ | ᠦᠶᠡᠯᠡᠯ ᠤᠨ ᠬᠤᠭᠤᠴᠠᠭ᠎ᠠ ᠨᠢ ᠣᠬᠤᠷ᠂ ᠦᠷ᠎ᠡ ᠪᠦᠲᠦᠮᠵᠢ ᠨᠢ ᠲᠦᠷᠭᠡᠨ ᠪᠠᠶᠢᠵᠤ᠂ ᠣᠶ ᠶᠢᠨ ᠬᠤᠷᠮᠣᠶ ᠶᠢᠨ | ᠲᠠᠷᠢᠮᠠᠯ ᠳᠠᠷᠢᠬᠤ ᠳᠤ ᠣᠨᠴᠠᠭᠠᠶ ᠳᠣᠭᠢᠷᠠᠨ᠎ᠠ᠃︾ ᠭᠡᠵᠦ ᠰᠠᠨ ᠾᠧ ᠲᠣᠰᠬᠤᠨ ᠤ ᠨᠠᠮ ᠤᠨ ᠡᠭᠦᠷ ᠤᠨ ᠱᠦᠵᠢ | ᠯᠢᠦ ᠴᠠᠩ ᠴᠦᠨ ᠲᠠᠨᠢᠯᠴᠠᠭᠤᠯᠪᠠ᠃ | | ᠣᠶᠢᠷ᠎ᠠ ᠶᠢᠨ ᠵᠢᠯ ᠤᠳ ᠲᠤ᠂ ᠰᠢᠤᠸᠠᠢ ᠲᠢᠶᠠᠨ ᠰᠢᠶᠠᠩ ᠠᠵᠤ ᠦᠶᠯᠡᠰ ᠤᠨ ᠲᠣᠬᠢᠷᠠᠭᠤᠯᠤᠯᠲᠠ ᠶᠢ | ᠲᠦᠷᠭᠡᠳᠬᠡᠨ ᠠᠬᠢᠭᠤᠯᠵᠤ᠂ ᠣᠷᠣᠯᠭ᠎ᠠ ᠪᠠᠨ ᠨᠡᠮᠡᠭᠳᠡᠭᠦᠯᠵᠦ ᠪᠠᠶᠠᠵᠢᠬᠤ ᠰᠢᠨ᠎ᠡ ᠵᠠᠭᠪᠤᠷ ᠢ ᠲᠠᠰᠤᠷᠠᠯᠲᠠ ᠥᠬᠡᠶ | ᠬᠠᠶᠢᠨ ᠰᠦᠪᠡᠭᠴᠢᠯᠡᠵᠦ᠂ ᠲᠣᠰ ᠰᠢᠶᠠᠩ ᠤᠨ ᠣᠶ ᠰᠢᠭᠤᠶ ᠶᠢᠨ ᠪᠦᠷᠬᠦᠴᠡ ᠶᠢᠨ ᠨᠣᠷᠮ᠎ᠠ ᠪᠠᠷ ᠶᠡᠭᠡ ᠡᠬᠢ ᠪᠠᠶᠠᠯᠢᠭ | ᠤᠨ ᠳᠠᠪᠠᠭᠤᠯᠢᠭ ᠲᠤ ᠰᠠᠭᠤᠷᠢᠯᠠᠨ᠂ ᠰᠢᠨ᠎ᠡ ᠬᠡᠯᠪᠡᠷᠢ ᠶᠢᠨ ᠠᠵᠤ ᠦᠶᠯᠡᠰ ᠢ ᠶᠡᠬᠡᠪᠡᠷ ᠬᠥᠭᠵᠢᠭᠦᠯᠵᠦ᠂ ︽ᠣᠶ ᠶᠢᠨ | ᠬᠤᠷᠮᠣᠶ + ᠠᠵᠤ ᠠᠬᠤᠶ ᠶᠢᠨ ᠬᠥᠭᠵᠢᠯᠲᠡ ᠶᠢᠨ ᠵᠠᠭᠪᠤᠷ︾ ᠢ ᠬᠠᠶᠢᠨ ᠰᠦᠪᠡᠭᠴᠢᠯᠡᠵᠦ᠂ ᠣᠶ ᠶᠢᠨ ᠬᠤᠷᠮᠣᠶ ᠶᠢᠨ | ᠠᠵᠤ ᠠᠬᠤᠶ ᠶᠢᠨ ᠬᠥᠭᠵᠢᠯᠲᠡ ᠶᠢᠨ ᠰᠢᠨ᠎ᠡ ᠵᠠᠮ ᠢ ᠨᠡᠭᠡᠭᠡᠨ᠂ ︽ᠰᠠᠶᠢᠨ ᠡᠬᠢ ᠪᠠᠶᠠᠯᠢᠭ︾ ᠢ ︽ᠰᠠᠶᠢᠨ ᠨᠠᠷᠠᠲᠤ | ᠲᠡᠮᠳᠡᠭᠲᠦ︾ ᠪᠣᠯᠭᠠᠨ ᠬᠤᠪᠢᠷᠠᠭᠤᠯᠬᠤ ᠪᠠᠷ ᠴᠢᠷᠮᠠᠶᠢᠵᠤ᠂ ᠠᠮᠢ ᠠᠬᠤᠶ ᠶᠢᠨ ᠠᠵᠢᠯ ᠢ ᠰᠠᠶᠢᠲᠤᠷ ᠬᠢᠬᠦ ᠶᠢᠨ ᠬᠠᠮᠲᠤ᠂ | ᠡᠷᠬᠢᠨ ᠲᠣᠭᠤᠷᠢᠨ ᠤ ᠲᠣᠰᠬᠤᠨ ᠤ ᠠᠷᠠᠳ ᠢ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠤᠭᠰᠠᠨ | ᠪᠠᠶᠢᠨ᠎ᠠ᠃ | | ︽ᠡᠨᠡ ᠦᠶ᠎ᠡ ᠳᠤ ᠲᠠᠷᠢᠶᠠᠨ ᠭᠠᠵᠠᠷ ᠶᠠᠭᠠᠷᠠᠤ ᠦᠭᠡᠢ᠂ ᠪᠢ ᠬᠥᠯᠥᠰᠥᠨ ᠠᠵᠢᠯ ᠬᠢᠬᠦ ᠪᠠᠷ ᠢᠷᠡᠵᠡᠢ᠂ | ᠰᠠᠭᠤᠷᠢᠨ ᠭᠠᠵᠠᠷ ᠭᠡᠷ ᠠᠴᠠ ᠤᠶᠢᠷ᠎ᠠ᠂ ᠶᠠᠪᠤᠵᠦ ᠰᠠᠭᠤᠬᠤ ᠳᠤ ᠮᠠᠰᠢ ᠳᠥᠭᠦᠮ᠂ ᠨᠢᠭᠡ ᠡᠳᠦᠷ 150 ᠲᠥᠭᠦᠷᠢᠭ | ᠣᠷᠴᠢᠮ᠃︾ ᠭᠡᠵᠦ ᠲᠠᠷᠢᠶᠠᠴᠢᠨ ᠡᠷᠦᠬᠡ ᠭᠤᠤ ᡁᠢ ᠶᠦᠩ ᠬᠡᠯᠡᠪᠡ᠃ ᠰᠢᠤᠸᠠᠢ ᠲᠢᠶᠠᠨ ᠰᠢᠶᠠᠩ ᠤᠨ ᠤᠯᠠᠭᠠᠨ | ᠨᠠᠷᠠᠰᠤᠨ ᠮᠦᠭᠦ ᠣᠶ ᠶᠢᠨ ᠬᠤᠷᠮᠣᠶ ᠶᠢᠨ ᠲᠠᠷᠢᠮᠠᠯ ᠤᠨ ᠰᠠᠭᠤᠷᠢᠨ ᠭᠠᠵᠠᠷ ᠨᠢ ᠡᠷᠬᠢᠨ ᠲᠣᠭᠤᠷᠢᠨ ᠤ ᠲᠣᠰᠬᠤᠨ ᠤ | ᠠᠷᠠᠳ ᠲᠤ 30 ᠭᠠᠷᠤᠶ ᠲᠦᠷ ᠴᠠᠭ ᠤᠨ ᠴᠢᠨᠠᠷᠲᠠᠶ ᠠᠵᠢᠯ ᠤᠨ ᠪᠠᠶᠢᠷᠢ ᠬᠠᠩᠭᠠᠵᠤ᠂ ᠲᠤᠬᠠᠶ ᠶᠢᠨ ᠭᠠᠵᠠᠷ ᠤᠨ | ᠲᠠᠷᠢᠶᠠᠴᠢᠨ ᠡᠷᠦᠬᠡ ᠶᠢᠨ ᠲᠤᠬᠠᠶ ᠶᠢᠨ ᠭᠠᠵᠠᠷ ᠲᠠᠭᠠᠨ ᠠᠵᠢᠯ ᠤᠯᠬᠤ ᠠᠰᠠᠭᠤᠳᠠᠯ ᠢ ᠮᠠᠰᠢ ᠶᠡᠭᠡ ᠬᠡᠮᠵᠢᠶ᠎ᠡ ᠪᠠᠷ | ᠰᠢᠶᠳᠪᠦᠷᠢᠯᠡᠵᠦ᠂ ᠣᠷᠣᠯᠭ᠎ᠠ ᠶᠢ ᠨᠡᠮᠡᠭᠳᠡᠭᠦᠯᠦᠨ ᠪᠠᠶᠠᠵᠢᠭᠤᠯᠬᠤ ᠠᠷᠭ᠎ᠠ ᠵᠠᠮ ᠢ ᠥᠷᠭᠡᠳᠬᠡᠭᠰᠡᠨ ᠪᠠᠶᠢᠨ᠎ᠠ᠃ | | ︽ᠪᠢᠳᠡ ᠰᠠᠨ ᠾᠧ ᠲᠣᠰᠬᠤᠨ ᠤ ᠤᠯᠠᠭᠠᠨ ᠨᠠᠷᠠᠰᠤᠨ ᠮᠦᠭᠦ ᠶᠢᠨ ᠲᠠᠷᠢᠮᠠᠯ ᠤᠨ ᠰᠠᠭᠤᠷᠢᠨ ᠢᠶᠠᠷ | ᠰᠢᠪᠲᠤᠯᠤᠯᠲᠠ ᠶᠢᠨ ᠴᠡᠭ ᠪᠣᠯᠭᠠᠵᠤ᠂ ᠣᠶ ᠰᠢᠭᠤᠶ ᠶᠢᠨ ᠡᠮ᠂ ᠣᠶ ᠶᠢᠨ ᠮᠦᠭᠦ᠂ ᠣᠶ ᠶᠢᠨ ᠵᠢᠭᠦᠷᠲᠡᠨ ᠢᠶᠠᠷ | ᠭᠤᠤᠯ ᠤᠳᠤᠷᠢᠳᠤᠮᠵᠢ ᠪᠣᠯᠭᠠᠭᠰᠠᠨ ᠪᠣᠰᠤᠭ᠎ᠠ ᠴᠣᠭᠴᠠᠲᠤ ᠣᠶ ᠶᠢᠨ ᠬᠤᠷᠮᠣᠶ ᠶᠢᠨ ᠠᠵᠤ ᠠᠬᠤᠶ ᠶᠢᠨ ᠠᠵᠤ | ᠦᠶᠯᠡᠰ ᠢ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠬᠥᠭᠵᠢᠭᠦᠯᠵᠦ᠂ ︽ᠣᠶ︾ ᠶᠢᠨ ᠣᠷᠣᠨ ᠵᠠᠶ ᠶᠢ | ᠠᠮᠢᠳᠤᠯᠢᠭ ᠪᠣᠯᠭᠠᠨ᠂ ︽ᠣᠶ︾ ᠶᠢᠨ ᠠᠵᠤ ᠠᠬᠤᠶ ᠶᠢ ᠬᠦᠴᠦᠷᠬᠡᠭᠵᠢᠭᠦᠯᠵᠦ᠂ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ ᠶᠢ ᠠᠬᠢᠭᠤᠯᠬᠤ ᠳᠤ ᠪᠣᠬᠢᠷᠲᠤᠯ ᠥᠬᠡᠶ ᠲᠤᠯᠭᠠᠭᠤᠷᠢᠯᠠᠯ ᠬᠠᠩᠭᠠᠵᠤ᠂ ᠪᠣᠬᠢᠷᠲᠤᠯ | ᠥᠬᠡᠶ ᠬᠥᠳᠡᠯᠭᠡᠬᠦ ᠬᠦᠴᠦᠨ ᠨᠡᠮᠡᠷᠢᠯᠡᠨ᠎ᠡ᠃︾ ᠭᠡᠵᠦ ᠰᠢᠤᠸᠠᠢ ᠲᠢᠶᠠᠨ ᠰᠢᠶᠠᠩ ᠤᠨ ᠨᠠᠮ ᠤᠨ ᠬᠤᠷᠢᠶᠠᠨ ᠤ ᠳᠡᠳ᠋ | ᠱᠦᠵᠢ᠂ ᠰᠢᠶᠠᠩ ᠤᠨ ᠳᠠᠷᠤᠭ᠎ᠠ ᠸᠠᠩ ᠵᠠᠨ ᠱᠧᠩ ᠬᠡᠯᠡᠪᠡ᠃ |