ᠡᠬᠢᠯᠡᠵᠦ ᠪᠣᠯᠪᠠᠰᠤᠷᠠᠬᠤ ᠦᠶ᠎ᠡ ᠳᠤ᠂ ᠮᠠᠨ ᠤ ᠪᠡᠶ᠎ᠡ ᠶᠢᠨ ᠳᠣᠲᠣᠷᠠᠬᠢ ᠠᠩᠬᠠᠨ ᠤ ᠰᠢᠬᠢᠷ ᠪᠣᠯᠤᠨ ᠥᠭᠡᠬᠦ | ᠬᠠᠮᠲᠤ ᠪᠠᠷ ᠬᠥᠮᠦᠨ ᠤ ᠪᠡᠶ᠎ᠡ ᠳᠤ ᠡᠨᠧᠷᠭᠢ ᠬᠠᠩᠭᠠᠵᠤ᠂ ᠬᠥᠳᠡᠯᠭᠡᠭᠡᠨ ᠬᠢᠬᠦ ᠴᠠᠭ ᠨᠢ ᠤᠷᠲᠤ ᠪᠤᠯᠪᠠᠯ | ᠬᠤᠷᠤᠬᠳᠠᠯ ᠨᠢ ᠠᠷᠪᠢᠨ ᠪᠠᠶᠢᠳᠠᠭ᠃ ᠭᠤᠴᠢᠨ ᠮᠢᠨᠦ᠋ᠲ ᠬᠥᠳᠡᠯᠭᠡᠭᠡᠨ ᠬᠢᠪᠠᠯ ᠰᠠᠶ᠋ᠢ ᠮᠠᠷᠢᠶ᠎ᠠ ᠰᠢᠭᠤᠷᠠᠭᠤᠯᠵᠤ | ᠲᠠᠶᠢᠯᠤᠨ᠎ᠠ ᠭᠡᠳᠡᠭ᠂ ᠨᠠᠩ ᠰᠢᠨᠵᠢᠯᠡᠬᠦ ᠤᠬᠠᠭᠠᠨᠴᠢ ᠬᠡᠯᠡᠯᠭᠡ ᠪᠣᠯ᠄ ᠭᠤᠴᠢᠨ ᠮᠢᠨᠦ᠋ᠲ ᠬᠥᠳᠡᠯᠭᠡᠭᠡᠨ ᠬᠢᠪᠠᠯ ᠰᠠᠶ᠋ᠢ | ᠥᠭᠡᠬᠦ ᠶᠢᠨ ᠬᠤᠷᠣᠭᠳᠠᠯ ᠢᠯᠡᠷᠬᠡᠶ ᠲᠦᠷᠭᠡᠳᠦᠨ᠎ᠡ᠃ | ᠵᠠᠷᠢᠮ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠬᠥᠳᠡᠯᠭᠡᠭᠡᠨ ᠤ ᠡᠬᠢᠨ ᠤ ᠬᠤᠭᠤᠴᠠᠭᠠᠨ ᠳᠤ ᠥᠭᠡᠬᠦ ᠶᠢᠨ | ᠡᠨᠧᠷᠭᠢ ᠬᠠᠩᠭᠠᠬᠤ ᠬᠠᠷᠢᠴᠠᠯ ᠨᠢ 40% ᠬᠦᠷᠳᠡᠭ᠂ ᠭᠡᠳᠡᠯ᠎ᠡ ᠠᠷᠪᠠᠨ ᠮᠢᠨᠦ᠋ᠲ ᠣᠷᠴᠢᠮ ᠬᠥᠳᠡᠯᠭᠡᠭᠡᠨ ᠬᠢᠪᠡᠯ | ᠥᠭᠡᠬᠦ ᠶᠢᠨ ᠡᠨᠧᠷᠭᠢ ᠬᠠᠩᠭᠠᠬᠤ ᠬᠠᠷᠢᠴᠠᠯ ᠨᠢ 50 % ᠬᠦᠷᠴᠦ᠂ ᠠᠩᠬᠠᠨ ᠤ ᠰᠢᠬᠢᠷ ᠲᠠᠢ ᠲᠡᠩᠴᠡᠳᠡᠭ᠃ | ᠤᠴᠢᠷ ᠨᠢ ᠠᠩᠬᠠᠨ ᠤ ᠰᠢᠬᠢᠷ ᠤᠨ ᠬᠥᠮᠦᠨ ᠤ ᠪᠡᠶ᠎ᠡ ᠳᠤ ᠬᠠᠳᠠᠭᠠᠯᠠᠭᠳᠠᠬᠤ ᠬᠡᠮᠵᠢᠶ᠎ᠡ ᠨᠢ ᠥᠭᠡᠬᠦ ᠲᠠᠢ | ᠠᠳᠠᠯᠢᠳᠬᠠᠬᠤ ᠶᠢᠨ ᠠᠷᠭ᠎ᠠ ᠦᠭᠡᠢ᠂ ᠠᠩᠬᠠᠨ ᠤ ᠰᠢᠬᠢᠷ ᠬᠥᠳᠡᠯᠭᠡᠭᠡᠨ ᠬᠢᠬᠦ ᠶᠢ ᠳᠠᠭᠠᠯᠳᠤᠨ ᠲᠦᠷᠭᠡᠨ | ᠬᠤᠷᠣᠭᠳᠠᠬᠤ ᠦᠶ᠎ᠡ ᠳᠤ᠂ ᠪᠡᠶ᠎ᠡ ᠨᠢ ᠠᠷᠭ᠎ᠠ ᠪᠤᠰᠤ ᠪᠡᠶ᠎ᠡ ᠶᠢᠨ ᠳᠣᠲᠣᠷ᠎ᠠ ᠬᠠᠳᠠᠭᠠᠯᠠᠭᠳᠠᠵᠦ ᠪᠠᠶᠢᠭ᠎ᠠ ᠥᠭᠡᠬᠦ ᠶᠢ | ᠬᠡᠷᠡᠭᠯᠡᠳᠡᠭ ᠪᠠᠶᠢᠨ᠎ᠠ᠃ | ᠭᠡᠪᠡᠴᠦ᠂ ᠡᠨᠡ ᠨᠢ ᠬᠡᠳᠦᠶ ᠤᠳᠠᠭᠠᠨ ᠬᠥᠳᠡᠯᠭᠡᠭᠡᠨ ᠬᠢᠪᠡᠯ ᠲᠡᠳᠦᠶ ᠰᠠᠶᠢᠨ ᠭᠡᠰᠡᠨ ᠦᠭᠡ ᠪᠢᠰᠢ᠂ ᠪᠡᠶ᠎ᠡ | ᠮᠠᠬᠠᠪᠣᠳ ᠤᠨ ᠶᠠᠳᠠᠷᠠᠯ ᠵᠢᠴᠢ ᠬᠥᠳᠡᠯᠭᠡᠭᠡᠨ ᠤ ᠭᠡᠮᠲᠦᠯ ᠭᠠᠷᠬᠤ ᠠᠶᠤᠯ ᠠᠴᠠ ᠰᠡᠷᠭᠡᠶᠢᠯᠡᠬᠦ ᠶᠢᠨ ᠲᠤᠰᠠᠳᠠ | ᠬᠠᠷᠢᠴᠠᠩᠭᠤᠶ ᠪᠠᠷ ᠨᠢᠭᠡ ᠴᠠᠭ ᠠᠴᠠ ᠭᠡᠳᠦᠷᠡᠬᠦᠯᠬᠦ ᠦᠭᠡᠢ ᠬᠦᠳᠡᠯᠭᠡᠭᠡᠨ ᠬᠢᠪᠡᠯ ᠬᠠᠮᠤᠭ ᠰᠠᠶᠢᠨ᠃ |