ᠲᠣᠪᠴᠢ ᠮᠡᠳᠡᠭᠡ
ᠨᠡᠶᠢᠲᠡᠯᠡᠭᠰᠡᠨ ᠴᠠᠭ᠄
2024/7/24
   ᠣᠶᠢᠷ᠎ᠠ ᠳᠤ᠂ ᠥᠪᠥᠷ ᠮᠣᠩᠭᠤᠯ ᠤᠨ ᠵᠠᠮ ᠬᠠᠷᠢᠯᠴᠠᠭᠠᠨ ᠤ ᠪᠦᠯᠦᠭᠯᠡᠯ ᠭᠤᠤᠯ ᠴᠣᠭᠴᠠ ᠶᠢᠨ ᠢᠲᠡᠭᠡᠮᠵᠢ ᠶᠢᠨ ᠲᠠᠰ ᠲᠣᠭᠲᠠᠭᠠᠯᠲᠠ ᠳᠤ AAA ᠪᠠᠷ ᠦᠨᠡᠯᠡᠭᠳᠡᠵᠦ᠂ ᠤᠯᠤᠰ ᠤᠨ ᠳᠣᠲᠣᠭᠠᠳᠤ ᠳᠠᠬᠢ ᠠᠵᠤ ᠠᠬᠤᠶᠢᠯᠠᠯ ᠤᠨ ᠢᠲᠡᠭᠡᠮᠵᠢ ᠶᠢᠨ ᠲᠠᠰ ᠤᠨ ︽ᠨᠢᠭᠡᠳᠦᠭᠡᠷ ᠱᠠᠲᠤᠯᠵᠢᠨ ᠤ ᠡᠩᠨᠡᠭᠡᠨ︾ ᠳᠤ ᠣᠷᠣᠪᠠ᠃ ︵ᠤᠯᠤᠰ ᠤᠨ ᠥᠮᠴᠢᠯᠡᠯ ᠤᠨ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ︶    7 ᠳ᠋ᠤᠭᠠᠷ ᠰᠠᠷ᠎ᠠ ᠶᠢᠨ 19 ᠤ ᠡᠳᠦᠷ᠂ ᠬᠥᠬᠡᠬᠤᠲᠠ ᠶᠢᠨ ᠳᠣᠤᠷ᠎ᠠ ᠠᠭᠠᠷ ᠤᠨ ᠠᠵᠤ ᠠᠬᠤᠶ ᠶᠢᠨ ᠲᠣᠨᠤᠭ ᠲᠥᠬᠦᠭᠡᠷᠦᠮᠵᠢ ᠦᠢᠯᠡᠳᠬᠦ ᠠᠵᠤ ᠦᠢᠯᠡᠰ ᠤᠨ ᠬᠦᠷᠢᠶᠡᠯᠡᠩ ᠬᠢᠭᠡᠳ ᠵᠠᠰᠠᠮᠠᠯ ᠵᠠᠮ ᠤᠨ ᠭᠠᠷᠠᠮ ᠤᠨ ᠥᠭᠡᠷᠡᠴᠢᠯᠡᠯᠲᠡ ᠶᠢᠨ ᠰᠢᠨᠡᠳᠭᠡᠬᠦ ᠪᠠᠷᠢᠯᠭ᠎ᠠ ᠶᠢᠨ ᠠᠵᠢᠯ ᠡᠬᠢᠯᠡᠬᠦ ᠶᠤᠰᠤᠯᠠᠯ ᠢᠶᠠᠨ ᠬᠢᠵᠦ᠂ ᠳᠣᠣᠷ᠎ᠠ ᠠᠭᠠᠷ ᠤᠨ ᠠᠵᠤ ᠠᠬᠤᠢ ᠶᠢᠨ ᠲᠣᠨᠤᠭ ᠲᠥᠬᠦᠭᠡᠷᠦᠮᠵᠢ ᠶᠢᠨ ᠦᠢᠯᠡᠳᠴᠦ ᠬᠥᠮᠥᠷᠭᠡᠯᠡᠨ ᠬᠠᠳᠠᠭᠠᠯᠠᠬᠤ ᠬᠥᠮᠥᠷᠭᠡ᠂ ᠱᠠ ᠯᠢᠶᠠᠩ ᠵᠠᠰᠠᠮᠠᠯ ᠵᠠᠮ ᠤᠨ ᠭᠠᠷᠠᠮ᠂ ᠭᠠᠳᠠᠭᠠᠳᠤ ᠭᠠᠷᠭᠠᠯᠲᠠ ᠶᠢᠨ ᠬᠢᠨᠠᠨ ᠬᠠᠮᠢᠶᠠᠷᠤᠯᠲᠠ ᠪᠠ ᠨᠡᠶᠢᠲᠡ ᠶᠢᠨ ᠬᠡᠷᠡᠭᠯᠡᠭᠡᠨ ᠤ ᠬᠡᠯᠪᠡᠷᠢ ᠶᠢᠨ ᠭᠠᠶᠢᠯᠢ ᠪᠠᠲᠤᠯᠠᠬᠤ ᠬᠥᠮᠥᠷᠭᠡ ᠵᠡᠷᠭᠡ 3 ᠲᠥᠷᠥᠯ ᠵᠦᠢᠯ ᠢ ᠤᠷᠢᠳ ᠢᠶᠠᠷ ᠪᠠᠶᠢᠭᠤᠯᠬᠤ ᠪᠣᠯᠣᠨ᠎ᠠ᠃ ︵ᠬᠥᠬᠡᠬᠤᠲᠠ ᠶᠢᠨ ᠵᠠᠰᠠᠭ ᠤᠨ ᠣᠷᠳᠣᠨ︶    ᠳᠡᠭᠡᠷ᠎ᠡ ᠬᠠᠭᠠᠰ ᠵᠢᠯ ᠳᠤ᠂ ᠰᠢᠯᠢ ᠶᠢᠨ ᠭᠤᠣᠯ ᠠᠶᠢᠮᠠᠭ ᠤᠯᠤᠰ ᠤᠨ ᠳᠣᠲᠣᠭᠠᠳᠤ ᠳᠠᠬᠢ ᠵᠤᠭᠠᠴᠠᠭᠰᠠᠳ ᠢ ᠨᠡᠶᠢᠲᠡ 740.1 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠠᠳᠠᠯᠢ ᠬᠤᠭᠤᠴᠠᠭᠠᠨ ᠤ ᠬᠢ ᠠᠴᠠ 13.69% ᠨᠡᠮᠡᠭᠳᠡᠪᠡ ︔ ᠤᠯᠤᠰ ᠤᠨ ᠳᠣᠲᠣᠭᠠᠳᠤ ᠳᠠᠬᠢ ᠵᠤᠭᠠᠴᠠᠭᠰᠠᠳ ᠤᠨ ᠶᠡᠷᠦᠩᠬᠡᠶ ᠵᠠᠷᠤᠳᠠᠯ ᠨᠢ 95.62 ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 17.66% ᠨᠡᠮᠡᠭᠳᠡᠪᠡ᠃ ︵ᠰᠢᠯᠢ ᠶᠢᠨ ᠭᠤᠤᠯ ᠠᠶᠢᠮᠠᠭ ᠤᠨ ᠵᠠᠬᠢᠷᠭ᠎ᠠ︶
 
ᠢᠷᠡᠯᠲᠡ᠄ ᠦᠪᠦᠷ ᠮᠤᠩᠭᠤᠯ ‍ᠤᠨ‌ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠦᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号