ᠠᠯᠲᠠᠨ ᠤ ᠦᠨ᠎ᠡ  ᠪᠠᠭᠤᠷᠪᠠ ︕
ᠨᠡᠶᠢᠲᠡᠯᠡᠭᠰᠡᠨ ᠴᠠᠭ᠄
2024/7/12
   ᠠᠮᠧᠷᠢᠺᠠ ᠶᠢᠨ ᠴᠠᠭ ᠢᠶᠠᠷ ᠭᠠᠷᠠᠭ ᠤᠨ ᠨᠢᠭᠡᠨ ᠳᠤ᠂ ᠵᠠᠬ᠎ᠠ ᠳᠡᠯᠭᠡᠭᠦᠷ ᠨᠢ ᠲᠤᠰ ᠭᠠᠷᠠᠭ ᠲᠤ ᠭᠠᠷᠭᠠᠬᠤ ᠵᠣᠭᠤᠰ ᠮᠠᠭᠤᠳᠠᠬᠤ ᠲᠤᠭ᠎ᠠ ᠪᠠᠷᠢᠮᠲᠠ ᠵᠢᠴᠢ ᠬᠤᠸᠠ ᠴᠢ ᠪᠣᠯᠤᠨ ᠮᠣᠷᠭᠠᠨ ᠳ᠋ᠠᠲ᠋ᠦ᠋ᠩ ᠵᠡᠷᠭᠡ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠡᠳ᠋ ᠤᠨ ᠵᠠᠰᠠᠭ ᠤᠨ ᠮᠡᠳᠡᠭᠦᠯᠦᠯᠲᠡ ᠶᠢ ᠬᠦᠯᠢᠶᠡᠨ ᠤᠯᠪᠠ᠂ ᠠᠮᠧᠷᠢᠺᠠ ᠶᠢᠨ ᠭᠤᠷᠪᠠᠨ ᠶᠡᠭᠡ ᠰᠲ᠋ᠣᠺ ᠤᠨ ᠵᠢᠭᠠᠯᠲᠠ ᠲᠤᠭ᠎ᠠ ᠨᠢ ᠭᠠᠷᠠᠭ ᠤᠨ ᠨᠢᠭᠡᠨ ᠳᠤ ᠥᠰᠴᠦ ᠪᠠᠭᠤᠷᠠᠬᠤ ᠨᠢ ᠠᠳᠠᠯᠢ ᠦᠭᠡᠶ ᠪᠠᠶᠢᠵᠤ᠂ ᠠᠷᠠᠯᠵᠢᠶ᠎ᠠ ᠬᠠᠭᠠᠬᠤ ᠪᠣᠯᠲᠠᠯ᠎ᠠ ᠮᠥᠷ ᠤᠨ ᠵᠢᠭᠠᠯᠲᠠ 0.08% ᠪᠠᠷ ᠪᠠᠭᠤᠷᠠᠵᠤ᠂ ᠪᠠᠷᠢᠮᠵᠢᠶᠠᠲᠤ ᠫᠦᠷ 500 ᠶᠢᠨ ᠵᠢᠭᠠᠯᠲᠠ ᠲᠤᠭ᠎ᠠ 0.10 % ᠪᠠᠷ ᠥᠰᠴᠦ᠂ ᠨᠣᠫ ᠤᠨ ᠵᠢᠭᠠᠯᠲᠠ ᠲᠤᠭ᠎ᠠ 0.28% ᠪᠠᠷ ᠥᠰᠴᠦ ᠂ ᠪᠠᠷᠢᠮᠵᠢᠶᠠᠲᠤ ᠫᠦᠷ 500 ᠶᠢᠨ ᠵᠢᠭᠠᠯᠲᠠ ᠲᠤᠭ᠎ᠠ ᠪᠠ ᠨᠣᠫ ᠤᠨ ᠵᠢᠭᠠᠯᠲᠠ ᠲᠤᠭ᠎ᠠ ᠨᠢ ᠴᠥᠮ ᠠᠷᠠᠯᠵᠢᠶ᠎ᠠ ᠬᠠᠭᠠᠬᠤ ᠪᠣᠯᠲᠠᠯ᠎ᠠ ᠲᠡᠦᠬᠡᠨ ᠰᠢᠨ᠎ᠡ ᠲᠡᠮᠳᠡᠭᠯᠡᠯ ᠢ ᠡᠭᠦᠳᠴᠡᠶ᠃ ᠲᠣᠮᠣ ᠬᠡᠯᠪᠡᠷᠢ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠲ᠋ᠣᠺ ᠤᠨ ᠳᠣᠲᠣᠷ᠎ᠠ ᠶᠢᠩ ᠸᠧᠶ ᠳ᠋ᠡ ᠰᠲ᠋ᠣᠺ ᠤᠨ ᠦᠨ᠎ᠡ ᠶᠢᠨ ᠥᠰᠥᠯᠲᠡ 1 % ᠶᠢ ᠳᠠᠪᠠᠵᠤ᠂ ᠲᠠᠶᠢᠸᠠᠨ ᠤ ᠬᠤᠷᠠᠮᠳᠤᠯ ᠴᠠᠬᠢᠯᠭᠠᠨ ᠤ ᠥᠰᠥᠯᠲᠡ 1 % ᠶᠢ ᠳᠠᠪᠠᠵᠤ᠂ ᠲᠡᠦᠬᠡ ᠶᠢᠨ ᠰᠢᠨ᠎ᠡ ᠲᠡᠮᠳᠡᠭᠯᠡᠯ ᠢ ᠡᠭᠦᠳᠴᠦ᠂ ᠰᠲ᠋ᠣᠺ ᠤᠨ ᠵᠠᠬ᠎ᠠ ᠳᠡᠯᠭᠡᠭᠦᠷ ᠤᠨ ᠪᠥᠬᠦ ᠥᠷᠲᠡᠭ ᠨᠢᠭᠡ ᠦᠶ᠎ᠡ ᠲᠦᠮᠡᠨ ᠳ᠋ᠦᠩᠰᠢᠭᠤᠷ ᠳ᠋ᠣᠯᠯᠠᠷ ᠢ ᠳᠠᠪᠠᠪᠠ᠃    ᠲᠦᠷᠦᠭᠦᠦ ᠭᠠᠷᠠᠭ ᠤᠯᠠᠨ ᠤᠯᠤᠰ ᠤᠨ ᠠᠯᠲᠠᠨ ᠤ ᠦᠨ᠎ᠡ ᠶᠡᠭᠡ ᠪᠠᠷ ᠥᠰᠴᠦ᠂ ᠲᠤᠰ ᠭᠠᠷᠠᠭ ᠤᠨ ᠨᠢᠭᠡᠨ ᠳᠤ ᠬᠡᠰᠡᠭ ᠪᠡᠯᠡ ᠣᠷᠣᠭᠤᠯᠤᠭᠴᠢᠳ ᠠᠰᠢᠭ ᠣᠯᠤᠭᠰᠠᠨ ᠤ ᠨᠦᠯᠦᠭᠡ ᠪᠠᠷ ᠤᠯᠠᠨ ᠤᠯᠤᠰ ᠤᠨ ᠠᠯᠲᠠᠨ ᠤ ᠦᠨ᠎ᠡ ᠪᠠᠭᠤᠷᠠᠵᠤ᠂ ᠨᠢᠦ᠋ ᠶᠣᠷᠺ ᠤᠨ ᠲᠠᠸᠠᠷ ᠤᠨ ᠠᠷᠠᠯᠵᠢᠶᠠᠨ ᠤ ᠭᠠᠵᠠᠷ ᠤᠨ ᠬᠢᠨ 8 ᠰᠠᠷ᠎ᠠ ᠳᠤ ᠰᠢᠵᠢᠷ ᠠᠯᠲᠠᠨ ᠬᠤᠭᠤᠴᠠᠭᠠᠲᠤ ᠦᠨ᠎ᠡ ᠶᠢ ᠦᠨᠼ ᠪᠦᠷᠢ ᠠᠴᠠ 2363.50 ᠳ᠋ᠣᠯᠯᠠᠷ ᠬᠤᠷᠢᠶᠠᠵᠤ᠂ ᠪᠠᠭᠤᠷᠠᠯᠲᠠ ᠶᠢᠨ ᠬᠡᠮᠵᠢᠶ᠎ᠡ ᠨᠢ 1.43 % ᠲᠤ ᠬᠦᠷᠴᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号