ᠶᠡᠭᠡ ᠰᠤᠷᠭᠠᠭᠤᠯᠢ ᠶᠢᠨ ᠤᠯᠤᠰ ᠤᠨ ᠨᠢᠭᠡᠳᠦᠯᠲᠡᠢ ᠰᠢᠯᠭᠠᠯᠲᠠ ᠶᠢᠨ ᠡᠳᠦᠷ ᠢ ᠡᠷᠡᠮᠡᠬᠡᠶᠢᠯᠡᠨ ᠤᠷᠤᠭᠰᠢᠯᠠᠵᠤ ᠰᠢᠢᠳᠪᠦᠷᠢᠲᠦ ᠳᠠᠶᠢᠯᠠᠯᠳᠤᠭᠠᠨ ᠬᠢᠨ᠎ᠡ
ᠨᠡᠶᠢᠲᠡᠯᠡᠭᠰᠡᠨ ᠴᠠᠭ᠄
2024/6/8
   6 ᠰᠠᠷ᠎ᠠ ᠶᠢᠨ 7 ᠤ ᠡᠳᠦᠷ ᠤᠨ ᠦᠳᠡ ᠶᠢᠨ ᠡᠮᠦᠨᠡᠬᠢ 9 ᠴᠠᠭ ᠲᠤ᠂ 2024 ᠣᠨ ᠤ ᠡᠩ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠵᠢᠩᠬᠢᠨᠢ ᠪᠠᠷ ᠡᠬᠢᠯᠡᠵᠦ᠂ ᠲᠦᠴᠢᠦᠸᠠᠨ ᠰᠢᠶᠠᠨ ᠤ 1134 ᠰᠢᠯᠭᠠᠭᠤᠯᠤᠭᠴᠢ ᠢᠷᠡᠭᠡᠳᠦᠶ ᠶᠢᠨ ᠲᠤᠬᠠᠶ ᠬᠦᠰᠡᠯ ᠡᠷᠡᠮᠡᠯᠵᠡᠯ ᠢᠶᠠᠨ ᠡᠪᠦᠷᠯᠡᠨ᠂ ᠰᠢᠯᠭᠠᠯᠲᠠ ᠶᠢᠨ ᠲᠠᠯᠠᠪᠠᠶ ᠳᠤ ᠣᠷᠣᠵᠤ᠂ ᠬᠦᠰᠡᠯ ᠵᠡᠭᠦᠳᠦ ᠪᠠᠨ ᠪᠢᠴᠢᠭᠯᠡᠪᠡ᠃
   ᠥᠷᠯᠥᠭᠡ ᠶᠢᠨ 7 ᠴᠠᠭ 30 ᠮᠢᠨᠦ᠋ᠲ᠂ ᠰᠢᠯᠭᠠᠯᠲᠠ ᠪᠣᠯᠲᠠᠯ᠎ᠠ ᠪᠠᠰᠠ 1 ᠴᠠᠭ ᠬᠠᠭᠠᠰ ᠪᠠᠶᠢᠨ᠎ᠠ᠂ ᠲᠦᠴᠢᠦᠸᠠᠨ ᠰᠢᠶᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠡᠭᠦᠳᠡᠨ ᠳᠤ᠂ ᠰᠢᠯᠭᠠᠯᠲᠠ ᠶᠢᠨ ᠴᠡᠭ ᠲᠤ ᠣᠴᠢᠬᠤ ᠭᠡᠵᠦ ᠪᠠᠶᠢᠭ᠎ᠠ ᠬᠡᠳᠦᠨ ᠵᠠᠭᠤᠨ ᠰᠢᠯᠭᠠᠭᠤᠯᠤᠭᠴᠢ ᠨᠢᠭᠡᠨᠲᠡ ᠣᠷᠳᠣ ᠮᠥᠷᠯᠡᠨ ᠵᠢᠭᠰᠠᠵᠤ᠂ ᠰᠢᠯᠭᠠᠭᠤᠯᠤᠭᠴᠢᠳ ᠰᠢᠯᠭᠠᠯᠲᠠ ᠶᠢᠨ ᠦᠨᠡᠮᠯᠡᠯ ᠪᠠ ᠪᠡᠶ᠎ᠡ ᠶᠢᠨ ᠦᠨᠡᠮᠯᠡᠯ ᠢᠶᠠᠨ ᠭᠠᠷ ᠲᠠᠭᠠᠨ ᠠᠪᠴᠤ᠂ ᠪᠡᠶ᠎ᠡ ᠶᠢᠨ ᠭᠠᠷᠤᠯ ᠤᠨ ᠮᠡᠳᠡᠭᠡ ᠵᠠᠩᠭᠢ ᠪᠠᠨ ᠬᠢᠨᠠᠨ ᠬᠠᠷᠭᠤᠭᠤᠯᠬᠤ᠂ ᠲᠠᠯᠠᠪᠤᠷ ᠲᠤ ᠣᠷᠣᠬᠤ ᠡᠳ᠋ ᠪᠣᠳᠠᠰ ᠢᠶᠠᠨ ᠪᠠᠶᠢᠴᠠᠭᠠᠬᠤ ᠵᠡᠷᠭᠡ ᠭᠤᠭᠴᠤᠭ᠎ᠠ ᠪᠠᠷ ᠳᠡᠮᠵᠢᠨ ᠰᠢᠯᠭᠠᠯᠲᠠ ᠶᠢᠨ ᠲᠠᠯᠠᠪᠠᠶ ᠳᠤ ᠵᠠᠯᠭᠠᠭ᠎ᠠ ᠪᠠᠷ ᠣᠷᠣᠪᠠ᠃    ᠤᠷᠮ᠎ᠠ ᠵᠣᠷᠢᠭ ᠬᠥᠭᠵᠢᠩᠭᠦᠶ ᠪᠠᠭ᠎ᠠ ᠵᠠᠯᠠᠭᠤ ᠶᠢᠨ ᠦᠶ᠎ᠡ ᠳᠤ᠂ ᠰᠢᠯᠭᠠᠯᠲᠠ ᠶᠢᠨ ᠲᠠᠯᠠᠪᠠᠶ ᠳᠤ᠂ ᠰᠢᠯᠭᠠᠭᠤᠯᠤᠭᠴᠢᠳ ᠶᠠᠭ ᠥᠪᠡᠷ ᠤᠨ ᠬᠦᠰᠡᠯ ᠵᠡᠭᠦᠳᠦ ᠶᠢᠨ ᠢᠶᠠᠨ ᠲᠥᠯᠥᠭᠡ ᠡᠷᠡᠯᠬᠡᠭᠯᠡᠨ ᠲᠡᠮᠡᠴᠡᠵᠦ ᠪᠠᠶᠢᠪᠠ᠂ ᠰᠢᠯᠭᠠᠯᠲᠠ ᠶᠢᠨ ᠲᠠᠯᠠᠪᠠᠶ ᠶᠢᠨ ᠭᠠᠳᠠᠨ᠎ᠠ᠂ ᠬᠡᠷ ᠤᠨ ᠠᠬᠠᠮᠠᠳ ᠪᠣᠯᠤᠨ ᠪᠠᠭᠰᠢ ᠨᠠᠷ ᠴᠤ ᠥᠪᠡᠷ ᠤᠨ ᠠᠷᠭ᠎ᠠ ᠬᠡᠯᠪᠡᠷᠢ ᠪᠠᠷ ᠢᠶᠠᠨ ᠰᠤᠷᠤᠭᠴᠢᠳ ᠲᠤ ᠬᠦᠴᠦ ᠨᠡᠮᠡᠵᠦ᠂ ᠡᠷᠴᠢ ᠵᠣᠷᠢᠭ ᠬᠥᠪᠴᠢᠯᠡᠵᠦ ᠪᠠᠶᠢᠨ᠎ᠠ᠃ ᠵᠠᠷᠢᠮ ᠬᠡᠷ ᠤᠨ ᠠᠬᠠᠮᠠᠳ᠂ ᠪᠠᠭᠰᠢ ᠨᠠᠷ ᠮᠠᠨᠵᠤ ᠲᠡᠷᠯᠢᠭ ᠡᠮᠦᠰᠴᠦ᠂ ᠰᠢᠯᠭᠠᠭᠤᠯᠤᠭᠴᠢ ᠶᠢᠨ ︽ᠲᠤᠭ ᠳᠠᠯᠪᠠᠭ᠎ᠠ ᠪᠤᠰᠬᠠᠨ ᠢᠯᠠᠯᠲᠠ ᠤᠯᠬᠤ︾ ᠶᠢ ᠵᠥᠩᠨᠡᠵᠦ ᠪᠠᠶᠢᠨ᠎ᠠ︔ ᠵᠠᠷᠢᠮ ᠬᠡᠷ ᠤᠨ ᠠᠬᠠᠮᠠᠳ ᠪᠣᠯᠤᠨ ᠪᠠᠭᠰᠢ ᠥᠩᠭᠡᠲᠦ ᠲᠤᠭ ᠬᠤᠷᠤᠶᠢᠯᠠᠵᠤ᠂ ᠰᠢᠯᠭᠠᠭᠤᠯᠤᠭᠴᠢ ᠶᠢᠨ ︽ᠠᠩᠬᠠᠨ ᠤ ᠲᠡᠶᠢᠨ ᠳᠤ ᠢᠯᠠᠯᠲᠠ ᠤᠯᠬᠤ ᠶᠢ ᠵᠥᠩᠨᠡᠵᠦ ᠪᠠᠶᠢᠨ᠎ᠠ︾᠃
   ︽ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠭᠤᠷᠪᠠᠨ ᠵᠢᠯ ᠪᠣᠯ ᠬᠢᠯᠪᠠᠷ ᠪᠤᠰᠤ ᠶᠤᠮ᠂ ᠥᠨᠥᠳᠦᠷ ᠪᠢ ᠲᠤᠰᠬᠠᠶᠢᠯᠠᠨ ᠮᠠᠨᠵᠤ ᠲᠡᠷᠯᠢᠭ ᠡᠮᠦᠰᠴᠦ᠂ ᠬᠡᠦᠬᠡᠳ ᠢ ᠬᠠᠪᠰᠤᠷᠤᠨ ᠬᠦᠴᠦ ᠨᠡᠮᠡᠵᠦ ᠪᠠᠶᠢᠨ᠎ᠠ᠂ ᠪᠣᠶ ᠪᠥᠬᠦᠶ ᠰᠤᠷᠤᠭᠴᠢᠳ ᠴᠥᠮ ᠢᠯᠠᠯᠲᠠ ᠣᠯᠵᠤ᠂ ᠠᠯᠲᠠᠨ ᠰᠠᠮᠪᠠᠷ᠎ᠠ ᠳᠡᠭᠡᠷ᠎ᠡ ᠨᠡᠷ᠎ᠡ ᠠᠯᠳᠠᠷᠰᠢᠬᠤ ᠶᠢ ᠬᠦᠰᠡᠵᠦ ᠪᠠᠶᠢᠨ᠎ᠠ᠃︾ ᠭᠡᠵᠦ ᠭᠡᠷ ᠤᠨ ᠠᠬᠠᠮᠠᠳ ᠲᠢᠶᠠᠨ ᠶᠢᠨ ᠶᠢᠩ ᠬᠡᠯᠡᠪᠡ᠃
   ︽ᠥᠨᠥᠳᠦᠷ ᠮᠠᠨᠵᠤ ᠲᠡᠷᠯᠢᠭ ᠡᠮᠦᠰᠬᠦ ᠶᠢᠨ ᠤᠳᠬ᠎ᠠ ᠠᠭᠤᠯᠭ᠎ᠠ ᠨᠢ 2024 ᠣᠨ ᠳᠤ ᠮᠠᠨ ᠤ ᠲᠦᠴᠢᠦᠸᠠᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠬᠡᠦᠬᠡᠳ ᠤᠯᠠᠭᠠᠨ ᠥᠩᠭᠡᠲᠡᠶ ᠮᠠᠨᠵᠤ ᠲᠡᠷᠯᠢᠭ ᠡᠮᠦᠰᠪᠡᠯ ᠯᠠᠪᠲᠠᠶ ᠢᠯᠠᠯᠲᠠ ᠣᠯᠵᠤ ᠴᠢᠳᠠᠨ᠎ᠠ ᠭᠡᠳᠡᠭ ᠢ ᠬᠦᠰᠡᠵᠦ ᠪᠠᠶᠢᠨ᠎ᠠ᠃ ᠪᠢ ᠮᠠᠨ ᠤ 21 ᠳ᠋ᠦ᠋ᠭᠡᠷ ᠬᠤᠭᠤᠴᠠᠭᠠᠨ ᠤ ᠳᠡᠭᠡᠳᠦ ᠭᠤᠷᠪᠠ ᠶᠢᠨ ᠰᠤᠷᠤᠭᠴᠢᠳ ᠬᠢᠲᠠᠳ ᠦᠰᠦᠭ ᠰᠢᠭ ᠶᠣᠰᠣ ᠨᠣᠮ ᠲᠠᠢ ᠬᠥᠮᠦᠨ ᠪᠤᠯᠵᠤ᠂ ᠰᠢᠭᠦᠮᠵᠢᠯᠡᠨ ᠥᠭᠦᠯᠡᠭᠰᠡᠨ ᠵᠣᠬᠢᠶᠠᠯ ᠰᠢᠭ ᠰᠢᠯᠦᠭᠯᠢᠭ ᠢᠶᠠᠷ ᠪᠢᠯᠬᠠᠵᠤ᠂ ᠬᠦᠦᠷᠨᠢᠨ ᠥᠭᠦᠯᠡᠭᠰᠡᠨ ᠵᠣᠬᠢᠶᠠᠯ ᠰᠢᠭ ᠢᠶᠠᠷ ᠳᠡᠯᠡᠬᠡᠢ ᠳ᠋ᠠᠬᠢᠨ ᠢ ᠪᠠᠭᠲᠠᠭᠠᠵᠤ᠂ ᠰᠢᠯᠦᠭ ᠲᠠᠭᠤᠯᠠᠯ ᠰᠢᠭ ᠢᠷᠠᠭᠤ ᠰᠠᠶᠢᠬᠠᠨ ᠪᠠᠶᠢᠬᠤ ᠶᠢ ᠬᠦᠰᠡᠨ ᠵᠥᠩᠨᠡᠵᠦ ᠪᠠᠶᠢᠨ᠎ᠠ᠃ ᠮᠠᠨ ᠤ 21 ᠳ᠋ᠦ᠋ᠭᠡᠷ ᠬᠤᠭᠤᠴᠠᠭᠠᠨ ᠤ ᠥᠨᠳᠥᠷ ᠭᠤᠷᠪᠠ ᠶᠢᠨ ᠰᠤᠷᠤᠭᠴᠢ ᠯᠠᠪᠲᠠᠶ ᠠᠯᠲᠠᠨ ᠰᠠᠮᠪᠠᠷ᠎ᠠ ᠳᠤ ᠨᠡᠷ᠎ᠡ ᠲᠡᠮᠳᠡᠭᠯᠡᠵᠦ᠂ ᠠᠮᠵᠢᠯᠲᠠ  ᠲᠠᠢ ᠨᠡᠷ᠎ᠡ ᠭᠠᠷᠤᠨ᠎ᠠ᠃︾ ᠭᠡᠵᠦ ᠪᠠᠭᠰᠢ ᠯᠦ ᠰᠢᠩ ᠪᠥᠸᠧ ᠬᠡᠦᠬᠡᠳ ᠤᠳ ᠲᠤ ᠬᠦᠰᠡᠯ ᠡᠷᠡᠮᠡᠯᠵᠡᠯ ᠲᠠᠯᠪᠢᠵᠤ ᠪᠠᠶᠢᠯ᠎ᠠ᠃
   ᠰᠠᠶᠢᠨ ᠳᠤᠷᠠᠴᠤᠳ ᠤᠨ ᠪᠦᠯᠬᠦᠮ ᠪᠠ ᠣᠯᠠᠨ ᠬᠠᠯᠠᠭᠤᠨ ᠰᠡᠳᠬᠢᠯᠲᠦ ᠬᠤᠳᠠᠯᠳᠤᠭᠠᠴᠢᠳ ᠪᠠᠰᠠ ᠬᠠᠶᠢᠷ᠎ᠠ ᠬᠠᠯᠠᠮᠵᠢ ᠶᠢᠨ ᠦᠶᠯᠡᠴᠢᠯᠡᠭᠡᠨ ᠤ ᠴᠡᠭ ᠪᠠᠶᠢᠭᠤᠯᠵᠤ᠂ ᠰᠢᠯᠭᠠᠭᠤᠯᠤᠭᠴᠢ ᠵᠢᠴᠢ ᠬᠡᠷ ᠤᠨ ᠠᠬᠠᠮᠠᠳ ᠲᠤ ᠦᠨ᠎ᠡ ᠲᠥᠯᠥᠪᠦᠷᠢ ᠥᠬᠡᠶ ᠪᠠᠷ ᠰᠢᠯᠭᠠᠯᠲᠠ ᠶᠢᠨ ᠬᠡᠷᠡᠭᠰᠡᠯ᠂ ᠵᠢᠮᠢᠰ᠂ ᠷᠠᠰᠢᠶᠠᠨ ᠤᠰᠤ ᠵᠡᠷᠭᠡ ᠶᠢ ᠲᠠᠷᠬᠠᠭᠠᠨ ᠥᠭᠴᠦ᠂ ᠥᠷᠭᠡᠨ ᠣᠯᠠᠨ ᠰᠢᠯᠭᠠᠭᠤᠯᠤᠭᠴᠢ ᠳᠤ ᠴᠢᠨᠠᠷ ᠰᠠᠶᠢᠲᠠᠶ ᠳᠣᠲᠣᠨᠣ ᠦᠶᠯᠡᠴᠢᠯᠡᠭᠡ ᠬᠠᠩᠭᠠᠵᠤ᠂ ᠥᠷᠭᠡᠨ ᠣᠯᠠᠨ ᠰᠢᠯᠭᠠᠭᠤᠯᠤᠭᠴᠢ ᠶᠢᠨ ᠬᠦᠰᠡᠯ ᠵᠡᠭᠦᠳᠦ ᠪᠠᠨ ᠲᠡᠷᠭᠡᠯᠰᠢᠭᠦᠯᠬᠦ᠂ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠨᠢᠭᠡᠳᠦᠯᠲᠡᠶ ᠰᠢᠯᠭᠠᠯᠲᠠ ᠳᠤ ᠣᠷᠣᠯᠴᠠᠬᠤ ᠳᠤ ᠬᠦᠴᠦᠨ ᠨᠡᠮᠡᠷᠢᠯᠡᠪᠡ᠃    ︽ᠮᠠᠨ ᠤ ᠵᠢᠶᠠ ᠯᠦᠩ ᠭᠡᠷ ᠬᠥᠷᠥᠩᠭᠡ ᠥᠨᠥᠳᠦᠷ ᠰᠤᠷᠤᠭᠴᠢᠳ ᠲᠤ ᠵᠢᠮᠢᠰ ᠪᠣᠯᠤᠨ ᠷᠠᠰᠢᠶᠠᠨ ᠤᠰᠤ ᠪᠡᠯᠡᠳᠬᠡᠵᠦ ᠥᠭᠭᠦᠭᠰᠡᠨ ᠪᠠᠶᠢᠨ᠎ᠠ᠃ ᠡᠭᠦᠨ ᠤ ᠬᠠᠮᠲᠤ᠂ ᠰᠤᠷᠤᠭᠴᠢᠳ ᠰᠠᠯᠬᠢ ᠬᠥᠯᠥᠭᠯᠡᠨ ᠳᠠᠪᠠᠯᠭᠠᠨ ᠢ ᠵᠦᠰᠦᠨ ᠶᠠᠪᠤᠬᠤ ᠴᠠᠭ ᠲᠣᠬᠢᠶᠠᠯᠳᠤᠵᠤ᠂ ᠠᠯᠲᠠᠨ ᠰᠠᠮᠪᠠᠷ᠎ᠠ ᠳᠤ ᠨᠡᠷ᠎ᠡ ᠠᠯᠳᠠᠷ ᠢᠶᠠᠨ ᠪᠢᠴᠢᠭᠯᠡᠬᠦ ᠶᠢ ᠬᠦᠰᠡᠨ ᠵᠦᠩᠨᠡᠵᠦ ᠪᠠᠶᠢᠨ᠎ᠠ᠂ ᠴᠢᠷᠮᠠᠶ︕︾ ᠭᠡᠵᠦ ᠠᠵᠤ ᠠᠬᠤᠶᠢᠯᠠᠯ ᠤᠨ ᠠᠵᠢᠯᠲᠠᠨ ᠵᠠᠩ ᠹᠠᠨ ᠬᠡᠯᠡᠪᠡ᠃
   ᠡᠭᠦᠨ ᠤ ᠬᠠᠮᠲᠤ᠂ ᠲᠦᠴᠢᠦᠸᠠᠨ ᠰᠢᠶᠠᠨ ᠤ ᠳᠣᠲᠣᠭᠠᠳᠤ ᠶᠢ ᠬᠠᠮᠠᠭᠠᠯᠠᠬᠤ᠂ ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠦᠯᠲᠡ᠂ ᠬᠤᠲᠠ ᠶᠢᠨ ᠬᠢᠨᠠᠯᠲᠠ ᠲᠠᠯᠪᠢᠬᠤ᠂ ᠭᠠᠯ ᠰᠡᠷᠭᠡᠶᠢᠯᠡᠵᠦ ᠭᠠᠯ ᠤᠨᠲᠠᠷᠠᠭᠠᠬᠤ ᠵᠡᠷᠭᠡ ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠬᠢᠨ ᠬᠦᠴᠦ ᠪᠠᠨ ᠬᠠᠮᠲᠤᠳᠬᠠᠨ ᠬᠠᠮᠲᠤᠷᠠᠯᠴᠠᠵᠤ᠂ ᠡᠯ᠎ᠡ ᠲᠣᠭᠤᠷᠢᠨ ᠪᠠᠶᠢᠴᠠᠭᠠᠬᠤ᠂ ᠬᠢᠨᠠᠨ ᠰᠢᠯᠭᠠᠬᠤ ᠪᠠᠭᠰᠢ ᠨᠠᠷ ᠡᠭᠦᠷᠭᠡ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠶ ᠭᠦᠶᠴᠡᠳᠬᠡᠵᠦ᠂ ᠰᠢᠯᠭᠠᠯᠲᠠ ᠶᠢᠨ ᠲᠠᠯᠠᠪᠠᠶ ᠶᠢᠨ ᠡᠮᠬᠢ ᠳᠢᠭᠯᠢᠮ ᠠᠮᠤᠷ ᠲᠦᠪᠰᠢᠨ ᠢ ᠦᠨᠡᠨ ᠬᠦ ᠪᠠᠲᠤᠯᠠᠵᠤ᠂ ᠬᠡᠦᠬᠡᠳ ᠤᠳ ᠲᠤ ᠬᠦᠴᠦᠨ ᠨᠡᠮᠡᠷᠢᠯᠡᠪᠡ    ︽ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠶᠢᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ ᠲᠥᠯᠥᠭᠡ᠂ ᠲᠦᠴᠢᠦᠸᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ︿24 ᠴᠠᠭ ᠤᠨ ᠰᠢᠯᠭᠠᠯᠲᠠ ᠳᠤ ᠲᠤᠰᠠᠯᠠᠬᠤ ᠲᠦᠷᠭᠡᠨ ᠨᠡᠪᠲᠡᠷᠡᠬᠦ ᠵᠠᠮ﹀ ᠢ ᠨᠡᠪᠲᠡᠷᠡᠭᠦᠯᠪᠡ᠃ ᠰᠢᠯᠭᠠᠭᠤᠯᠤᠭᠴᠢ ᠶᠢᠨ ᠲᠤᠬᠠᠶ ᠶᠢᠨ ᠲᠠᠯᠠᠪᠤᠷ ᠲᠤ ᠭᠠᠷᠤᠭᠰᠠᠨ ᠭᠡᠭᠡᠭᠰᠡᠨ ᠪᠤᠶᠤ ᠭᠡᠷᠡᠴᠢ ᠦᠨᠡᠮᠯᠡᠯ ᠢᠶᠠᠨ ᠮᠠᠷᠲᠠᠭᠰᠠᠨ ᠵᠡᠷᠭᠡ ᠣᠨᠴᠠᠭᠠᠶ ᠪᠠᠶᠢᠳᠠᠯ ᠳᠤ ᠵᠣᠬᠢᠴᠠᠭᠤᠯᠤᠨ ᠵᠢᠯᠣᠭᠤᠳᠬᠤ ᠶᠢ ᠴᠢᠩᠭᠠᠳᠬᠠᠬᠤ᠂ ᠴᠠᠭᠳᠠᠭᠠᠨ ᠤ ᠲᠡᠷᠭᠡ ᠪᠠᠷ ᠬᠠᠮᠠᠭᠠᠯᠠᠨ ᠬᠦᠷᠭᠡᠬᠦ᠂ ᠰᠠᠭᠠᠳ ᠥᠬᠡᠶ ᠨᠡᠪᠲᠡᠷᠡᠬᠦ ᠵᠠᠮ ᠢ ᠨᠡᠭᠡᠭᠡᠬᠦ ᠵᠡᠷᠭᠡ ᠠᠷᠭ᠎ᠠ ᠬᠡᠯᠪᠡᠷᠢ ᠶᠢ ᠠᠪᠴᠤ᠂ ᠰᠢᠯᠭᠠᠭᠤᠯᠤᠭᠴᠢ ᠶᠢᠨ ᠰᠢᠯᠭᠠᠯᠲᠠ ᠶᠢᠨ ᠲᠠᠯᠠᠪᠠᠶ ᠳᠤ ᠴᠠᠭ ᠲᠤᠬᠠᠶ ᠳᠤᠨᠢ ᠬᠦᠷᠴᠦ ᠰᠢᠯᠭᠠᠯᠲᠠ ᠳᠤ ᠤᠷᠤᠭᠰᠢᠲᠠᠶ ᠣᠷᠣᠯᠴᠠᠬᠤ ᠶᠢ ᠪᠠᠲᠤᠯᠠᠨ᠎ᠠ᠃︾ ᠭᠡᠵᠦ ᠲᠦᠴᠢᠦᠸᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠶᠢᠨ ᠠᠷᠠᠳ ᠤᠨ ᠴᠠᠭᠳᠠᠭ᠎ᠠ ᠵᠠᠩ ᠬᠤᠩ ᠬᠡᠯᠡᠪᠡ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号