ᠲᠦᠴᠢᠦᠸᠠᠨ ᠰᠢᠶᠠᠨ ᠤ ᠪᠤᠤ ᠱᠢ ᠪᠠᠯᠭᠠᠰᠤᠨ ᠤ ︽ᠬᠥᠳᠡᠭᠡ ᠲᠣᠰᠬᠤᠨ ᠤ ᠵᠤᠭᠠᠴᠠᠯ︾ ᠦᠷᠭᠦᠯᠵᠢᠯᠡᠨ ᠳᠡᠭᠡᠭᠰᠢᠯᠡᠵᠦ ᠪᠠᠶᠢᠨ᠎ᠠ
ᠨᠡᠶᠢᠲᠡᠯᠡᠭᠰᠡᠨ ᠴᠠᠭ᠄
2024/6/14
   6 ᠳ᠋ᠤᠭᠠᠷ ᠰᠠᠷ᠎ᠠ ᠶᠢᠨ 8 ᠤ ᠡᠳᠦᠷ ᠤᠨ ᠥᠷᠯᠥᠭᠡ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ ᠨᠢᠭᠡᠨ ᠰᠠᠯᠠᠭ᠎ᠠ ᠳᠤᠭᠤᠶ ᠤᠨᠤᠬᠤ ᠠᠩᠭᠢ ᠬᠢᠩᠭᠠᠨ ᠠᠶᠢᠮᠠᠭ ᠤᠨ ᠤᠯᠠᠭᠠᠨᠬᠤᠲᠠ ᠠᠴᠠ ᠮᠣᠷᠳᠠᠵᠤ᠂ ᠥᠷᠯᠥᠭᠡ ᠶᠢᠨ ᠨᠠᠷᠠ  ᠶᠢ ᠤᠭᠲᠤᠨ᠂ 89 ᠺᠢᠯᠣᠮᠧᠲᠷ ᠤᠨ ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠢ ᠳᠤᠭᠤᠯᠤᠭᠠᠳ᠂ ᠵᠢᠷᠤᠭ ᠮᠡᠲᠦ ᠦᠵᠡᠮᠵᠢ ᠲᠠᠢ ᠲᠦᠴᠢᠦᠸᠠᠨ ᠰᠢᠶᠠᠨ ᠤ ᠪᠤᠤ ᠱᠢ ᠪᠠᠯᠭᠠᠰᠤᠨ ᠤ ᠪᠤᠤ ᠯᠧ ᠲᠣᠰᠬᠤᠨ ᠳᠤ ᠬᠦᠷᠴᠡᠶ᠃    ᠠᠳᠡ᠂ ᠲᠡᠳᠡ ᠬᠥᠳᠡᠭᠡ ᠲᠣᠰᠬᠤᠨ ᠤ ᠴᠡᠪᠡᠷ ᠠᠭᠠᠷ ᠪᠠ ᠵᠠᠮ ᠳᠠᠭᠠᠤ ᠶᠢᠨ ᠭᠤᠴᠣ ᠰᠠᠶᠢᠬᠠᠨ ᠦᠵᠡᠮᠵᠢ ᠶᠢ ᠮᠡᠳᠡᠷᠡᠪᠡ᠃ ︽ᠠᠳᠡᠬᠢ ᠠᠭᠤᠷ ᠠᠮᠢᠰᠬᠤᠯ ᠮᠠᠰᠢ ᠰᠠᠶᠢᠨ᠂ ᠳᠤᠭᠤᠶ ᠤᠨᠤᠬᠤ ᠶᠢᠨ ᠳᠠᠭᠠᠤ ᠭᠤᠶᠤ ᠦᠵᠡᠮᠵᠢ ᠰᠣᠨᠢᠷᠬᠠᠨ᠎ᠠ᠂ ᠦᠨᠡᠬᠡᠷ ᠭᠤᠶᠤ︕︾ ᠭᠡᠵᠦ ᠳᠤᠭᠤᠶ ᠤᠨᠤᠭᠴᠢ ᠸᠠᠩ ᠯᠸᠢ ᠮᠢᠩ ᠪᠠᠶᠠᠷᠲᠠᠶ ᠬᠡᠯᠡᠨ᠎ᠡ᠃     ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ ᠤᠨ ᠡᠳᠦᠷ᠂ ᠤᠯᠠᠮ ᠠᠴᠠ ᠤᠯᠠᠮ ᠣᠯᠠᠨ ᠬᠥᠮᠦᠨ ᠬᠤᠲᠠ ᠶᠢᠨ ᠱᠤᠤᠭᠢᠶᠠᠨ ᠠᠴᠠ ᠬᠤᠯᠠ ᠵᠠᠶᠢᠯᠠᠬᠤ ᠶᠢ ᠰᠣᠩᠭᠤᠵᠤ᠂ ᠡᠬᠡ ᠪᠠᠶᠢᠭᠠᠯᠢ ᠳᠠᠭᠠᠨ ᠪᠤᠴᠠᠵᠤ᠂ ᠨᠤᠲᠤᠭ ᠤᠨ  ᠢᠶᠠᠨ ᠭᠤᠶᠤ ᠦᠵᠡᠮᠵᠢ ᠶᠢ ᠡᠷᠢᠨ᠎ᠡ᠃ ᠬᠢᠩᠭᠠᠨ ᠠᠢᠮᠠᠭ ᠤᠨ ᠪᠤᠤ ᠱᠢ ᠪᠠᠯᠭᠠᠰᠤ ᠪᠣᠯ ᠳᠠᠷᠤᠶ ᠬᠥᠮᠦᠨ ᠢ ᠮᠠᠷᠲᠠᠭᠤᠯᠬᠤ ᠶᠢᠨ ᠠᠷᠭ᠎ᠠ ᠦᠭᠡᠢ ᠰᠠᠶᠢᠨ ᠭᠠᠵᠠᠷ᠃ ᠯᠢ ᠵᠢᠩ ᠸᠧᠨ ᠪᠤᠯ ᠤᠯᠠᠭᠠᠨᠬᠤᠲᠠ ᠶᠢᠨ ᠨᠢᠭᠡᠨ ᠬᠤᠳᠠ ᠶᠢᠨ ᠠᠷᠠᠳ᠂ ᠭᠡᠷ ᠤᠨ ᠬᠥᠮᠦᠰ ᠢᠶᠠᠨ ᠳᠠᠭᠠᠭᠤᠯᠤᠨ ᠥᠪᠡᠷ ᠢᠶᠠᠨ ᠮᠠᠰᠢᠨ ᠵᠢᠯᠣᠭᠤᠳᠴᠤ ᠠᠳᠡ ᠢᠷᠡᠬᠦ ᠳᠤ᠂ ᠲᠡᠷᠡ ᠢᠨᠢᠶᠡᠮᠰᠦᠭᠯᠡᠨ᠄ ︽ᠪᠢ ᠴᠤᠤᠷᠢᠶ᠎ᠠ ᠠᠴᠠ ᠡᠪᠦᠭᠡᠨ ᠠᠭᠤᠯᠠᠨ ᠤ ᠸᠢᠳᠢᠣ᠋ ᠶᠢ ᠣᠯᠵᠤ ᠦᠵᠡᠭᠡᠳ ᠶᠡᠷᠦᠨᠢ ᠢᠷᠡᠶ᠎ᠠ ᠭᠡᠵᠦ ᠪᠤᠳᠤᠵᠥ ᠪᠠᠶᠢᠯ᠎ᠠ᠃ ᠡᠨᠡ ᠤᠳᠠᠭ᠎ᠠ ᠡᠴᠦᠰ ᠲᠡᠭᠡᠨ ᠪᠡᠶᠡᠯᠡᠭᠳᠡᠪᠡ᠂ ᠦᠨᠡᠬᠡᠷ ᠲᠠᠯᠪᠢᠭᠤᠨ ᠪᠠᠶᠢᠨ᠎ᠠ︕︾ ᠭᠡᠨ᠎ᠡ᠃    ᠪᠤᠤ ᠱᠢ ᠪᠠᠯᠭᠠᠰᠤᠨ ᠳᠤ᠂ ᠴᠢ ᠠᠭᠤᠯᠠᠨ ᠵᠠᠮ ᠤᠨ ᠠᠶᠤᠮᠰᠢᠭᠲᠤ ᠰᠡᠳᠦᠯᠲᠡ ᠶᠢ ᠰᠡᠷᠡᠵᠦ ᠮᠡᠳᠡᠬᠦ ᠪᠠᠷ ᠪᠠᠷᠠᠬᠤ ᠦᠭᠡᠢ᠂ ᠨᠠᠩ ᠴᠤ ᠡᠪᠦᠭᠡᠨ ᠠᠭᠤᠯᠠᠨ ᠤ ᠣᠷᠭᠢᠯ ᠳᠤ ᠠᠪᠠᠷᠢᠨ ᠭᠠᠷᠴᠤ᠂ ᠣᠯᠠᠨ ᠠᠭᠤᠯᠠ ᠪᠠᠭ᠎ᠠ᠂ ᠰᠦᠷ ᠳᠠᠯᠠᠶᠢᠴᠠᠲᠠᠶ ᠪᠠᠶᠢᠭᠠᠯᠢ ᠶᠢᠨ ᠦᠵᠡᠮᠵᠢ ᠶᠢ ᠰᠣᠨᠢᠷᠬᠠᠵᠤ ᠪᠣᠯᠤᠨ᠎ᠠ᠃ ᠵᠢᠭᠤᠯᠴᠢᠨ ᠴᠧᠨ ᡁᠢ ᠳ᠋ᠦᠩ ᠰᠡᠳᠬᠢᠯ ᠳᠣᠭᠳᠣᠯᠤᠨ᠄ ︽ᠪᠢ ᠶᠡᠷᠦ ᠨᠢ ᠠᠭᠤᠯᠠ ᠠᠪᠠᠷᠢᠬᠤ ᠳᠤᠷᠠᠲᠠᠢ᠂ ᠰᠣᠨᠣᠰᠬᠤᠯᠠᠷ ᠡᠪᠦᠭᠡᠨ ᠠᠭᠤᠯᠠ ᠨᠡᠭᠡᠭᠡᠯᠲᠡ ᠲᠠᠢ ᠭᠡᠨ᠎ᠡ᠂ ᠪᠢ ᠤᠳᠠᠯ ᠦᠭᠡᠢ ᠠᠳᠡ ᠢᠷᠡᠬᠦ ᠪᠠᠷ ᠰᠢᠢᠳᠴᠡᠢ︕︾ ᠭᠡᠵᠦ ᠬᠡᠯᠡᠨ᠎ᠡ᠃    ᠡᠭᠦᠨ ᠠᠴᠠ ᠭᠠᠳᠠᠨ᠎ᠠ  ᠪᠤᠤ ᠱᠢ ᠪᠠᠯᠭᠠᠰᠤᠨ ᠳᠤ ᠪᠠᠰᠠ ᠨᠢᠭᠡᠨ ᠨᠢᠭᠤᠭᠳᠠᠵᠤ ᠪᠠᠶᠢᠭ᠎ᠠ ᠡᠳ᠋ ᠡᠷᠳᠡᠨᠢᠰ— ᠲᠦᠴᠢᠦᠸᠠᠨ ᠰᠢᠶᠠᠨ ᠤ ᠲᠡᠦᠬᠡ ᠰᠣᠶᠣᠯ ᠤᠨ ᠮᠦᠽᠧᠶ ᠪᠠᠶᠢᠳᠠᠭ᠂ ᠵᠤᠭᠠᠴᠠᠭᠰᠠᠳ ᠠᠳᠡ ᠲᠦᠴᠢᠦᠸᠠᠨ ᠰᠢᠶᠠᠨ ᠤ ᠪᠠᠶᠢᠭᠠᠯᠢ ᠶᠢᠨ ᠣᠷᠴᠢᠨ ᠲᠣᠭᠤᠷᠢᠨ ᠪᠠ ᠲᠡᠦᠬᠡ ᠶᠢᠨ ᠬᠤᠪᠢᠷᠠᠯᠲᠠ ᠶᠢ ᠭᠦᠨᠵᠡᠭᠡᠶ ᠣᠶᠢᠯᠠᠭᠠᠵᠤ ᠪᠣᠯᠤᠨ᠎ᠠ᠃    ᠣᠶᠢᠷ᠎ᠠ ᠶᠢᠨ ᠵᠢᠯ ᠳᠤ᠂ ᠪᠤᠤ ᠱᠢ ᠪᠠᠯᠭᠠᠰᠤ ᠣᠯᠠᠨ ᠠᠴᠠ ᠬᠡᠲᠦᠶᠢᠳᠦᠭᠰᠡᠨ ᠪᠠᠶᠢᠭᠠᠯᠢ ᠶᠢᠨ ᠡᠬᠢ ᠪᠠᠶᠠᠯᠢᠭ  ᠲᠠᠭᠠᠨ ᠲᠦᠰᠢᠭᠯᠡᠨ᠂ ᠬᠥᠳᠡᠭᠡ ᠲᠣᠰᠬᠤᠨ ᠤ ᠵᠢᠭᠤᠯᠴᠢᠯᠠᠯ ᠢ ᠶᠡᠭᠡ ᠪᠠᠷ ᠬᠥᠭᠵᠢᠭᠦᠯᠵᠦ᠂ ︽ᠪᠤᠤ ᠴᠧᠩ ᠤᠨ ᠵᠢᠱᠢᠶ᠎ᠡ ᠦᠵᠡᠭᠦᠯᠬᠦ ᠲᠣᠰᠬᠤᠨ— ᠴᠦᠨ ᠵᠧᠦ ᠡᠷᠲᠡᠨ ᠤ ᠬᠤᠲᠠ— ᠪᠤᠤ ᠱᠢ ᠨᠠᠭᠤᠷ—ᠡᠪᠦᠭᠡᠨ ᠠᠭᠤᠯᠠ︾ ᠭᠡᠬᠦ ᠵᠢᠭᠤᠯᠴᠢᠯᠠᠯ ᠤᠨ ᠱᠤᠭᠤᠮ ᠢ ᠪᠦᠷᠢᠯᠳᠦᠭᠦᠯᠵᠡᠶ᠃ ᠡᠨᠡᠬᠦ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠤ ᠪᠠᠶᠠᠷ  ᠲᠤ᠂ ᠪᠤᠤ ᠱᠢ ᠪᠠᠯᠭᠠᠰᠤ 40000 ᠰᠢᠬᠠᠮ ᠵᠤᠭᠠᠴᠠᠭᠰᠠᠳ ᠢ ᠬᠦᠯᠢᠶᠡᠨ ᠠᠪᠴᠤ᠂ ᠵᠤᠭᠠᠴᠠᠯ ᠤᠨ ᠣᠷᠣᠯᠭ᠎ᠠ 500 ᠲᠦᠮᠡᠨ ᠲᠥᠭᠦᠷᠢᠭ ᠠᠴᠠ ᠳᠡᠭᠡᠭᠰᠢ ᠳᠤ ᠬᠦᠷᠴᠡᠢ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号