ᠡᠭᠡᠯ ᠵᠢᠷ ᠤᠨ ᠠᠮᠢᠳᠤᠷᠠᠯ ᠳᠤᠮᠳᠠᠬᠢ ᠵᠢᠵᠢᠭ ᠵᠣᠯ ᠵᠢᠷᠭᠠᠯ
ᠨᠡᠶᠢᠲᠡᠯᠡᠭᠰᠡᠨ ᠴᠠᠭ᠄
2024/5/22
  ᠰᠢᠳᠤᠷᠭᠤ ᠬᠥᠮᠦᠨ ᠭᠡᠷ ᠤᠨ ᠬᠤᠯᠠ ᠳᠤ᠂ ᠡᠪᠲᠡᠢ ᠬᠥᠮᠦᠨ ᠥᠭᠡᠳᠡᠨ ᠳᠤ .  ᠃ ᠲᠦᠴᠢᠦᠸᠠᠨ ᠰᠢᠶᠠᠨ ᠤ ᠲᠦᠴᠢᠦᠸᠠᠨ ᠪᠠᠯᠭᠠᠰᠤᠨ ᠤ ᠬᠤᠩ ᠸᠧᠢ ᠲᠣᠰᠬᠤᠨ ᠳᠤ᠂ ᠯᠢᠶᠠᠩ ᠶᠠ ᠵᠢᠩ ᠤᠨ ᠨᠢᠭᠡ ᠭᠡᠷ ᠤᠨ ᠬᠢᠨ ᠢ ᠬᠡᠯᠡᠪᠡᠯ᠂ ᠲᠡᠷᠡ ᠪᠣᠯ ᠬᠥᠮᠦᠨ ᠪᠦᠬᠦᠨ ᠤ ᠪᠠᠭ᠋ᠠᠷᠬᠠᠳᠠᠭ ᠵᠣᠯ ᠵᠢᠷᠭᠠᠯᠲᠤ ᠭᠡᠷ ᠪᠦᠯᠢ ᠪᠣᠯᠤᠨ᠎ᠠ᠂ ᠤᠯᠠᠨ ᠵᠢᠯ ᠤᠨ ᠲᠤᠷᠰᠢ᠂ ᠡᠷ᠎ᠡ ᠡᠮ᠎ᠡ ᠬᠤᠶᠠᠭᠤᠯᠠ ᠶᠢᠨ ᠬᠠᠶᠢᠷ᠎ᠠ ᠬᠠᠯᠠᠮᠵᠢ᠂ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠬᠤ᠂ ᠬᠠᠯᠠᠭᠤᠨ ᠰᠡᠳᠬᠢᠯ ᠢᠶᠠᠷ ᠪᠤᠰᠤᠳ ᠢ ᠬᠠᠪᠰᠤᠷᠬᠤ᠂ ᠬᠥᠷᠰᠢ ᠰᠠᠭᠠᠬᠠᠯᠲᠠ ᠲᠠᠢ ᠪᠠᠨ ᠡᠶ᠎ᠡ ᠨᠠᠶᠢᠷᠲᠠᠢ ᠪᠠᠶᠢᠬᠤ᠂ ᠲᠣᠰᠬᠤᠨ ᠤ ᠪᠠᠨ ᠬᠥᠮᠦᠨ ᠪᠦᠬᠦᠨ ᠤ ᠮᠠᠭᠲᠠᠭᠠᠯ ᠢ ᠣᠯᠤᠭᠰᠠᠨ ᠵᠢᠱᠢᠶᠡᠴᠢ ᠭᠡᠷ ᠪᠦᠯᠢ ᠪᠣᠯᠵᠠᠢ᠂ 2024 ᠣᠨ  ᠳᠤ᠂ ᠯᠢᠶᠠᠩ ᠶᠠ ᠵᠢᠩ ᠤᠨ ᠨᠢᠭᠡ ᠭᠡᠷ ᠤᠨ ᠬᠢᠨ ᠬᠢᠩᠭᠠᠨ ᠠᠶᠢᠮᠠᠭ ᠤᠨ 《 ᠬᠠᠮᠤᠭ ᠤᠨ ᠭᠤᠶᠤ ᠭᠡᠷ ᠪᠦᠯᠢ 》  ᠶᠢᠨ ᠢᠷᠠᠭᠤ ᠠᠯᠳᠠᠷ ᠢ ᠬᠦᠷᠳᠡᠪᠡ  ᠃
    ᠯᠢᠶᠠᠩ ᠶᠠ ᠵᠢᠩ᠂ ᠡᠨᠡ ᠵᠢᠯ 54 ᠨᠠᠰᠤᠲᠠᠶ᠂ ᠡᠩ ᠤᠨ ᠨᠢᠭᠡᠨ ᠬᠥᠳᠡᠭᠡ ᠲᠣᠰᠬᠤᠨ ᠤ ᠬᠡᠷ ᠪᠦᠯᠢ ᠶᠢᠨ ᠡᠮᠡᠭᠲᠡᠶ᠂ ᠡᠷ᠎ᠡ ᠨᠥᠬᠦᠷ ᠵᠢᠶᠠᠩ ᠵᠠᠨ ᠭᠦᠸᠧ ᠲᠠᠢ ᠪᠠᠨ ᠬᠤᠷᠢᠮᠯᠠᠭᠰᠠᠨ ᠤ ᠳᠠᠷᠠᠭ᠎ᠠ ᠬᠠᠳᠠᠮ ᠡᠴᠢᠭᠡ ᠡᠬᠡ ᠲᠠᠢ ᠪᠠᠨ ᠬᠠᠮᠲᠤ ᠰᠠᠭᠤᠵᠤ᠂ ᠤᠷᠤᠭᠯᠠᠭᠰᠠᠨ ᠤ ᠳᠠᠷᠠᠭ᠎ᠠ ᠨᠢᠭᠡ ᠬᠦᠦ ᠨᠢᠭᠡ ᠥᠬᠢᠨ ᠲᠠᠢ ᠪᠣᠯᠵᠠᠶ  ᠃ 1993 ᠣᠨ ᠳᠤ᠂ ᠯᠢᠶᠠᠩ ᠶᠠ ᠵᠢᠩ ᠬᠥᠩᠭᠡᠵᠢᠭᠰᠡᠨ ᠤ ᠳᠠᠷᠠᠭ᠎ᠠ ᠪᠤᠯᠴᠢᠩ ᠮᠢᠬ᠎ᠠ ᠨᠢ ᠰᠢᠮᠡᠯ ᠠᠪᠬᠤ᠂ ᠬᠦᠵᠦᠭᠦᠦ ᠰᠡᠭᠡᠷ ᠨᠢ ᠬᠤᠭᠤᠰᠣᠷᠠᠬᠤ ᠡᠪᠡᠳᠴᠢᠨ ᠣᠯᠵᠤ᠂ ᠭᠠᠷ ᠤᠨ ᠬᠤᠷᠤᠭᠤ ᠨᠢ ᠰᠢᠮᠡᠯ ᠠᠪᠬᠤ ᠠᠴᠠ ᠪᠢᠰᠢ᠂ ᠬᠦᠨᠳᠦ ᠠᠵᠢᠯ ᠪᠠ ᠶᠠᠳᠠᠷᠠᠯᠲᠠᠢ ᠠᠵᠢᠯ ᠬᠢᠵᠦ ᠪᠣᠯᠬᠤ ᠦᠭᠡᠢ ᠪᠣᠯᠤᠭᠰᠠᠨ ᠤᠴᠢᠷ ᠠᠴᠠ ᠶᠡᠷᠦ ᠠᠴᠠ ᠭᠤᠮᠣᠳᠠᠯ ᠲᠣᠭᠠᠴᠢᠵᠤ ᠥᠩᠭᠡᠷᠡᠭᠰᠡᠨ ᠦᠭᠡᠢ ᠪᠥᠭᠡᠳ ᠡᠭᠦᠨ ᠠᠴᠠ ᠪᠣᠯᠵᠤ ᠬᠠᠳᠠᠮ ᠠᠪᠤ ᠡᠵᠢ ᠪᠠᠨ ᠠᠴᠢᠯᠠᠬᠤ ᠶᠢ ᠨᠢ ᠴᠦ ᠰᠠᠭᠠᠲᠠᠭᠠᠭᠰᠠᠨ ᠦᠭᠡᠢ  ᠃
   ᠯᠢᠶᠠᠩ ᠶᠠ ᠵᠢᠩ ᠤᠨ ᠠᠴᠢᠯᠠᠯ ᠪᠣᠯ ᠲᠣᠰᠬᠤᠨ ᠳᠤ ᠨᠡᠷ᠎ᠡ ᠭᠠᠷᠤᠭᠰᠠᠨ ᠶᠤᠮ᠂ ᠲᠡᠷᠡ ᠪᠣᠯ ᠠᠪᠤ ᠡᠵᠢ ᠶᠢᠨ  ᠢᠶᠠᠨ ᠨᠢᠳᠦᠨ ᠳᠠᠬᠢ ᠰᠠᠶᠢᠨ ᠥᠬᠢᠨ᠂ ᠬᠠᠳᠠᠮ ᠡᠵᠢ ᠶᠢᠨ ᠢᠶᠠᠨ ᠰᠡᠳᠬᠢᠯ ᠳᠠᠬᠢ ᠰᠠᠶᠢᠨ ᠬᠦᠦ ᠪᠡᠷᠢ ᠪᠣᠯᠤᠨ᠎ᠠ᠂ ᠨᠠᠰᠤᠲᠠᠨ ᠲᠠᠢ ᠬᠠᠮᠲᠤ ᠬᠤᠭᠤᠯᠠ ᠢᠳᠡᠬᠦ ᠦᠶ᠎ᠡ ᠳᠤ᠂ ᠨᠢᠭᠡᠳᠦᠭᠡᠷ ᠠᠶᠠᠭ᠎ᠠ ᠬᠤᠭᠤᠯᠠ ᠶᠢ ᠶᠡᠷᠦ ᠠᠴᠠ ᠨᠠᠰᠤᠲᠠᠨ  ᠳᠤ ᠥᠭᠳᠡᠭ᠂ ᠬᠠᠳᠠᠮ ᠡᠵᠢ ᠶᠢᠨ ᠬᠢᠨᠢ ᠨᠠᠰᠤ ᠠᠬᠢᠵᠤ᠂ ᠲᠡᠷᠡ ᠪᠦᠷ ᠤᠷᠠᠨ ᠠᠷᠭ᠎ᠠ ᠪᠠᠷ ᠬᠤᠭᠤᠯᠠ ᠬᠢᠵᠦ᠂ ᠪᠠᠰᠠ ᠪᠦᠷ ᠵᠥᠭᠡᠯᠡᠨ ᠰᠢᠭ ᠬᠢᠵᠦ᠂ ᠨᠠᠰᠤᠲᠠᠨ ᠢ ᠵᠠᠵᠢᠯᠵᠤ᠂ ᠲᠠᠭᠠᠲᠠᠶ ᠢᠳᠡᠭᠦᠯᠳᠡᠭ  ᠃ ᠲᠡᠭᠦᠨ ᠤ ᠬᠠᠳᠠᠮ ᠡᠵᠢ  ᠨᠢ ᠦᠷᠭᠦᠯᠵᠢ᠄ 《 ᠨᠢᠭᠡ ᠰᠠᠶᠢᠨ ᠬᠦᠦ ᠪᠠᠶᠢᠬᠤ ᠠᠴᠠ ᠨᠢᠭᠡ ᠰᠠᠶᠢᠨ ᠪᠡᠷᠢ ᠲᠠᠢ ᠪᠠᠶᠢᠬᠤ ᠶᠢ ᠬᠦᠷᠬᠦ ᠦᠭᠡᠢ᠂ ᠮᠢᠨᠦ ᠬᠦᠦ ᠪᠡᠷᠢ ᠪᠢᠳᠡᠨ ᠤ ᠲᠥᠯᠥᠭᠡ ᠬᠤᠪᠴᠠᠰᠤ ᠤᠬᠢᠶᠠᠵᠤ᠂ ᠪᠠᠰᠠ ᠶᠠᠩᠵᠤ ᠰᠣᠯᠢᠵᠤ ᠮᠠᠨ ᠤ ᠬᠤᠶᠠᠷ ᠡᠪᠦᠭᠡᠨ  ᠳᠤ ᠬᠤᠭᠤᠯᠠ ᠬᠢᠵᠦ ᠥᠭᠴᠦ᠂ ᠪᠢᠳᠡ ᠦᠨᠡᠨ ᠵᠣᠯ ᠵᠢᠷᠭᠠᠯᠲᠠᠢ  ᠃ ᠡᠨᠡ ᠦᠭᠡ ᠬᠤᠳᠠᠯ ᠪᠢᠰᠢ᠂ ᠯᠢᠶᠠᠩ ᠶᠠ ᠵᠢᠩ ᠡᠨᠡ ᠬᠦ ᠬᠡᠷ ᠪᠦᠯᠢ ᠳᠤ ᠣᠷᠣᠵᠤ ᠢᠷᠡᠭᠰᠡᠨ ᠲᠡᠷᠡ ᠡᠳᠦᠷ ᠠᠴᠠ ᠡᠬᠢᠯᠡᠨ᠂ ᠭᠤᠴᠢ ᠭᠠᠷᠤᠶ ᠵᠢᠯ ᠤᠨ ᠲᠤᠷᠰᠢ ᠂ ᠲᠡᠷᠡ ᠦᠭᠡ ᠳᠠᠭᠤᠨ ᠥᠬᠡᠶ ᠪᠠᠷ ᠡᠨᠡ ᠬᠦ ᠬᠡᠷ ᠪᠦᠯᠢ ᠶᠢᠨ ᠢᠶᠠᠨ ᠲᠥᠯᠥᠭᠡ ᠰᠢᠷᠭᠠᠭᠤ ᠬᠠᠲᠠᠭᠤᠵᠢᠯᠲᠠᠶ ᠵᠢᠳᠬᠦᠭᠰᠡᠨ ᠶᠤᠮ᠂ ᠨᠠᠰᠤᠲᠠᠨ ᠳᠤ ᠬᠠᠨᠳᠤᠬᠤ ᠲᠠᠯ᠎ᠠ ᠪᠠᠷ᠂ ᠯᠢᠶᠠᠩ ᠶᠠ ᠵᠢᠩ ᠤᠨ ᠨᠥᠬᠦᠷ ᠲᠡᠭᠡᠨ ᠦᠷᠭᠦᠯᠵᠢ ᠬᠡᠯᠡᠳᠡᠭ᠄ 《 ᠡᠴᠢᠭᠡ ᠡᠬᠡ ᠨᠢ ᠨᠢᠭᠡ ᠨᠠᠰᠤᠨ ᠳᠠᠭᠠᠨ ᠮᠠᠰᠢ ᠣᠯᠠᠨ ᠬᠦᠴᠢᠷ ᠵᠣᠪᠠᠯᠠᠩ ᠢ ᠥᠩᠭᠡᠷᠡᠭᠦᠯᠦᠭᠰᠡᠨ ᠶᠤᠮ᠂ ᠮᠠᠰᠢ ᠬᠢᠯᠪᠠᠷ ᠪᠤᠰᠤ ᠶᠤᠮ᠂ ᠨᠠᠰᠤᠲᠠᠨ ᠢ ᠠᠴᠢᠯᠠᠬᠤ᠂ ᠡᠴᠢᠭᠡ ᠡᠬᠡ ᠪᠠᠨ ᠠᠴᠢᠯᠠᠬᠤ ᠪᠣᠯ ᠬᠥᠮᠦᠨ ᠪᠣᠯᠬᠤ  ᠶᠢᠨ ᠨᠠᠭᠠᠳᠤ ᠵᠠᠬ᠎ᠠ ᠶᠢᠨ ᠪᠠᠷᠢᠮᠵᠢᠶ᠎ᠠ ᠮᠥᠨ᠂ ᠬᠥᠮᠦᠨ ᠪᠦᠬᠦᠨ ᠡᠴᠢᠭᠡ ᠡᠬᠡ ᠪᠠᠨ ᠠᠴᠢᠯᠠᠬᠤ ᠰᠡᠳᠬᠢᠯ ᠲᠠᠢ ᠪᠠᠶᠢᠬᠤ ᠬᠡᠷᠡᠭᠲᠡᠶ  ᠃ ᠨᠢᠩᠵᠢᠨ ᠰᠡᠳᠬᠢᠯ ᠵᠢᠷᠦᠬᠡᠨ ᠳᠡᠭᠡᠨ ᠪᠤᠯᠠᠭᠳᠠᠭᠰᠠᠨ ᠢᠶᠠᠷ ᠪᠠᠷᠠᠬᠤ ᠦᠭᠡᠢ᠂ ᠨᠡᠩ ᠴᠢᠬᠤᠯᠠ  ᠨᠢ ᠠᠵᠢᠯᠯᠠᠭ᠎ᠠ ᠳᠡᠭᠡᠷ᠎ᠡ ᠪᠠᠨ ᠨᠠᠶᠢᠳᠠᠪᠤᠷᠢᠵᠢᠭᠤᠯᠬᠤ ᠬᠡᠷᠡᠭᠲᠡᠢ 》᠃
   ᠭᠤᠴᠢ ᠭᠠᠷᠤᠶ ᠵᠢᠯ᠂ ᠲᠡᠷᠡ ᠨᠠᠰᠤᠲᠠᠨ ᠲᠠᠢ ᠬᠠᠮᠲᠤ ᠰᠠᠭᠤᠵᠤ᠂ ᠶᠡᠷᠦ ᠠᠴᠠ ᠨᠢᠭᠤᠷ ᠤᠯᠠᠶᠢᠵᠤ ᠥᠩᠭᠡᠷᠡᠭᠰᠡᠨ ᠦᠭᠡᠢ  ᠃ ᠪᠦᠷ ᠡᠬᠡᠨᠡᠷ ᠬᠢᠬᠦ ᠳᠤ ᠬᠦᠴᠢᠷ ᠭᠡᠳᠡᠭ᠂ ᠭᠡᠪᠡᠴᠦ ᠲᠡᠭᠦᠨ ᠤ ᠦᠢᠯᠡ ᠠᠵᠢᠯᠯᠠᠭ᠎ᠠ ᠨᠢ ᠬᠠᠳᠠᠮ ᠡᠵᠢ ᠳᠤ ᠡᠨᠡ ᠪᠠᠷᠢ ᠨᠢ ᠥᠪᠡᠷ ᠤᠨ ᠲᠥᠷᠥᠭᠰᠡᠨ ᠥᠬᠢᠨ ᠠᠴᠠ ᠪᠠᠰᠠ ᠰᠠᠶᠢᠨ ᠭᠡᠵᠦ ᠪᠣᠳᠣᠭᠳᠠᠭᠤᠯᠤᠨ᠎ᠠ  ᠃ ᠤᠴᠢᠷ ᠦᠭᠡᠢ ᠣᠶᠢᠶ᠎ᠠ ᠳᠤ᠂ ᠲᠡᠷᠡ ᠬᠠᠳᠠᠮ ᠡᠵᠢ ᠲᠠᠢ ᠪᠠᠨ ᠭᠡᠷ ᠤᠨ ᠵᠣᠭᠤᠭ ᠶᠠᠷᠢᠵᠤ᠂ ᠬᠠᠳᠠᠮ ᠡᠵᠢ  ᠳᠡᠭᠡᠨ ᠲᠣᠰᠬᠤᠨ ᠤ ᠭᠠᠳᠠᠨᠠᠬᠢ ᠰᠢᠨ᠎ᠡ ᠰᠡᠪᠡᠭᠦᠨ ᠤᠴᠢᠷ ᠢ ᠶᠠᠷᠢᠵᠤ ᠥᠭᠳᠡᠭ︔ ᠬᠠᠳᠠᠮ ᠠᠪᠤ ᠡᠵᠢ ᠨᠢ ᠪᠦᠷ ᠠᠷᠬᠠᠭ ᠡᠪᠡᠳᠴᠢᠨ ᠲᠠᠢ᠂ ᠯᠢᠶᠠᠩ ᠶᠠ ᠵᠢᠩ ᠲᠣᠭᠲᠠᠭᠰᠠᠨ ᠴᠠᠭ ᠲᠠᠭᠠᠨ ᠬᠤᠶᠠᠷ ᠨᠠᠰᠤᠲᠠᠨ ᠳᠤ ᠤᠰᠤ ᠬᠦᠷᠭᠡᠵᠦ ᠡᠮ ᠬᠦᠷᠭᠡᠵᠦ ᠪᠠᠶᠢᠨ᠎ᠠ︔ ᠤᠯᠠᠷᠢᠯ ᠰᠣᠯᠢᠭᠳᠠᠬᠤ ᠦᠶ᠎ᠡ ᠳᠤ᠂ ᠯᠢᠶᠠᠩ ᠶᠠ ᠵᠢᠩ ᠨᠠᠰᠤᠲᠠᠨ ᠳᠤ ᠰᠢᠨ᠎ᠡ ᠬᠤᠪᠴᠠᠰᠤ ᠂ ᠰᠢᠨ᠎ᠡ ᠱᠠᠬᠠᠶ ᠠᠪᠴᠤ ᠥᠭᠴᠦ᠂ ᠨᠠᠰᠤᠲᠠᠨ ᠢ ᠬᠠᠯᠠ ᠠᠮᠰᠠᠭᠤᠯᠬᠤ ᠦᠭᠡᠢ  ᠃ ᠲᠡᠭᠦᠨ ᠤ ᠦᠭᠡ ᠪᠠᠷ ᠬᠡᠯᠡᠪᠡᠯ᠂ ᠨᠠᠰᠤᠲᠠᠨ ᠨᠠᠰᠤ ᠠᠬᠢᠵᠤ᠂ ᠲᠡᠳᠡᠨ ᠢ ᠠᠮᠢᠳᠤᠷᠠᠯ ᠢᠶᠠᠨ ᠰᠠᠶᠢᠨ ᠡᠳ᠋ᠯᠡᠭᠦᠯᠵᠦ᠂ ᠲᠡᠳᠡ ᠪᠠᠶᠠᠷᠯᠠᠨ᠎ᠠ᠂ ᠪᠦᠬᠦ ᠭᠡᠷ ᠢᠶᠠᠷ  ᠢᠶᠠᠨ ᠪᠦᠷ ᠪᠠᠶᠠᠷᠯᠠᠨ᠎ᠠ  ᠃
   ᠠᠮᠢᠳᠤᠷᠠᠯ ᠢᠶᠠᠨ ᠥᠭᠡᠳᠡ ᠡᠰᠡᠷᠡᠭ ᠪᠠᠶᠢᠯᠭᠠᠬᠤ ᠶᠢᠨ ᠲᠥᠯᠥᠭᠡ᠂ 2017 ᠣᠨ ᠠᠴᠠ ᠡᠬᠢᠯᠡᠨ᠂ ᠯᠢᠶᠠᠩ ᠶᠠ ᠵᠢᠩ ᠡᠷ᠎ᠡ ᠡᠮ᠎ᠡ ᠬᠤᠶᠠᠭᠤᠯᠠ ᠬᠦᠷᠢᠶᠡᠨ ᠳᠣᠲᠣᠷᠠᠬᠢ ᠬᠠᠰᠢᠶ᠎ᠠ ᠰᠠᠷᠠᠪᠴᠢ ᠪᠠᠨ ᠠᠰᠢᠭᠯᠠᠨ ᠬᠤᠨᠢ ᠢᠮᠠᠭ᠎ᠠ ᠪᠠ ᠭᠠᠭ᠋ᠠᠢ ᠪᠠᠨ ᠬᠠᠰᠢᠶᠠᠯᠠᠨ ᠲᠡᠵᠢᠭᠡᠵᠦ ᠦᠷᠡᠵᠢᠭᠦᠯᠦᠭᠰᠡᠨ ᠪᠠᠶᠢᠨ᠎ᠠ  ᠃ ᠡᠷ᠎ᠡ ᠡᠮ᠎ᠡ ᠬᠤᠶᠠᠭᠤᠯᠠ ᠠᠵᠢᠯᠴᠢ ᠬᠥᠳᠡᠯᠮᠦᠷᠢᠴᠢ ᠪᠥᠭᠡᠳ ᠠᠵᠢᠯᠰᠠᠭ᠂ ᠮᠠᠰᠢ ᠬᠤᠷᠳᠤᠨ᠂ ᠡᠨᠡ ᠲᠣᠮᠣ ᠪᠢᠰᠢ ᠬᠦᠷᠢᠶᠡᠨ ᠳᠤ ᠠᠮᠢᠵᠢᠷᠠᠯ ᠤᠨ ᠬᠦᠴᠦᠨ ᠢᠶᠠᠷ ᠳᠦᠭᠦᠷᠡᠩ  ᠃ ᠥᠨᠥᠳᠦᠷ᠂ ᠲᠡᠳᠡ ᠠᠵᠢᠯᠴᠢ ᠬᠤᠶᠠᠷ ᠭᠠᠷ ᠢᠶᠠᠷ ᠢᠶᠠᠨ ᠵᠣᠯ ᠵᠢᠷᠭᠠᠯᠲᠤ ᠠᠮᠢᠳᠤᠷᠠᠯ  ᠢ ᠴᠣᠭᠴᠠᠯᠠᠨ᠎ᠠ  ᠃  《 ᠣᠲᠣ ᠬᠤᠨᠢ ᠨᠢᠭᠡᠨᠲᠡ 60 ᠭᠠᠷᠤᠶ ᠪᠣᠯᠵᠣ᠂ ᠵᠢᠯ ᠪᠦᠷᠢ ᠬᠤᠷᠠᠭ᠎ᠠ ᠬᠤᠳᠠᠯᠳᠤᠬᠤ ᠳᠤ ᠴᠥᠮ ᠣᠷᠣᠯᠭ᠎ᠠ  ᠲᠠᠢ ᠪᠣᠯᠵᠠᠶ᠂ ᠡᠨᠡ ᠵᠢᠯ ᠤᠨ ᠮᠡᠭᠡᠵᠢ ᠶᠢᠨ ᠬᠤᠶᠠᠷ ᠡᠭᠦᠷ ᠲᠣᠷᠣᠶ ᠨᠢ ᠤᠨᠠᠵᠤ᠂ 7000 ᠭᠠᠷᠤᠶ ᠲᠥᠭᠦᠷᠢᠭ ᠬᠤᠳᠠᠯᠳᠤᠭᠰᠠᠨ ᠳᠤ ᠪᠢ ᠮᠠᠰᠢ ᠬᠠᠨᠤᠮᠵᠢᠲᠠᠶ ᠪᠠᠶᠢᠨ᠎ᠠ  ᠃ ᠮᠢᠨᠦ ᠪᠣᠳᠣᠬᠤ ᠪᠠᠷ ᠰᠠᠶᠢᠨ ᠠᠮᠢᠳᠤᠷᠠᠶ᠎ᠠ ᠭᠡᠪᠡᠯ ᠰᠠᠶᠢᠨ ᠬᠢᠬᠦ ᠬᠡᠷᠡᠭᠲᠡᠶ  ᠃ 》 ᠭᠡᠵᠦ ᠵᠢᠶᠠᠩ ᠵᠠᠨ ᠭᠦᠸᠧ ᠬᠡᠯᠡᠪᠡ  ᠃    ᠬᠥᠷᠰᠢ ᠵᠡᠷᠭᠡᠯᠡᠳᠡᠭᠡ ᠲᠠᠢ ᠪᠠᠨ ᠪᠦᠯᠬᠦᠮᠳᠡᠵᠦ ᠬᠠᠷᠢᠯᠴᠠᠨ ᠬᠠᠪᠰᠤᠷᠤᠯᠴᠠᠬᠤ  ᠃ ᠯᠢᠶᠠᠩ ᠶᠠ ᠵᠢᠩ ᠬᠡᠦᠬᠡᠳ  ᠲᠡᠭᠡᠨ᠄ 《 ᠬᠥᠷᠰᠢ ᠵᠡᠷᠭᠡᠯᠡᠳᠡᠭᠡ ᠨᠢ ᠠᠬ᠎ᠠ ᠳᠡᠭᠦᠦ ᠮᠡᠲᠦ ᠳᠣᠲᠣᠨᠣ᠂ ᠠᠬ᠎ᠠ ᠳᠡᠭᠦᠦ ᠮᠡᠲᠦ ᠳᠣᠲᠣᠨᠣ 》᠂ ᠬᠡᠷᠪᠡ ᠬᠥᠷᠰᠢ ᠵᠡᠷᠭᠡᠯᠡᠳᠡᠭᠡ ᠨᠢ ᠬᠦᠴᠢᠷᠳᠡᠯ ᠲᠠᠢ ᠪᠠᠶᠢᠬᠤ ᠶᠢ ᠣᠯᠵᠤ ᠦᠵᠡᠪᠡᠯ᠂ ᠯᠠᠪᠲᠠᠶ ᠨᠥᠬᠦᠷᠰᠡᠭ ᠭᠠᠷ ᠢᠶᠠᠨ ᠰᠤᠩᠭᠠᠵᠤ᠂ ᠰᠠᠨᠠᠭᠠᠴᠢᠯᠠᠭ᠎ᠠ ᠠᠴᠠ ᠪᠠᠨ ᠴᠢᠳᠠᠯ ᠤᠨ ᠬᠢᠷᠢ ᠪᠠᠷ ᠢᠶᠠᠨ ᠬᠠᠪᠰᠤᠷᠤᠯᠭ᠎ᠠ ᠦᠵᠡᠭᠦᠯᠬᠦ ᠶᠤᠮ  ᠃
   ᠲᠣᠰᠬᠤᠨ ᠤ ᠠᠷᠠᠳ ᠲᠤ 《 ᠲᠦᠷᠭᠡᠨ ᠬᠦᠷᠭᠡᠯᠲᠡ ᠶᠢ ᠬᠡᠷ ᠲᠤᠨᠢ ᠬᠦᠷᠭᠡᠬᠦ 》 ᠪᠣᠳᠠᠲᠤ ᠠᠰᠢᠭ ᠲᠤᠰᠠ ᠪᠠ ᠵᠣᠯ ᠵᠢᠷᠭᠠᠯᠲᠤ ᠲᠥᠷᠥᠭᠳᠡᠯ ᠢ ᠦᠨᠡᠨ ᠬᠦ ᠡᠳ᠋ᠯᠡᠭᠦᠯᠬᠦ ᠶᠢᠨ ᠲᠥᠯᠥᠭᠡ᠂ ᠯᠢᠶᠠᠩ ᠶᠠ ᠵᠢᠩ ᠰᠠᠨᠠᠭᠠᠴᠢᠯᠠᠭ᠎ᠠ  ᠠᠴᠠ ᠪᠠᠨ ᠴᠢᠷᠮᠠᠶᠢᠵᠤ᠂ ᠥᠪᠡᠷ ᠤᠨ ᠬᠡᠷ ᠲᠡᠭᠡᠨ ᠲᠦᠷᠭᠡᠨ ᠬᠦᠷᠭᠡᠯᠲᠡ ᠶᠢᠨ ᠥᠷᠲᠡᠭᠡ ᠪᠠᠶᠢᠭᠤᠯᠵᠤ᠂ ᠲᠦᠷᠭᠡᠨ ᠬᠦᠷᠭᠡᠯᠲᠡ ᠶᠢ ᠬᠤᠷᠢᠶᠠᠨ ᠳᠠᠮᠵᠢᠭᠤᠯᠬᠤ ᠨᠢ ᠲᠡᠭᠦᠨ ᠤ ᠠᠮᠢᠳᠤᠷᠠᠯ ᠤᠨ ᠳᠤᠮᠳᠠᠬᠢ ᠪᠠᠰᠠ ᠨᠢᠭᠡᠨ ᠡᠳᠦᠷ ᠲᠤᠲᠤᠮ  ᠤᠨ ᠠᠵᠢᠯ ᠪᠣᠯᠵᠠᠶ  ᠃ 《 ᠲᠦᠷᠭᠡᠨ ᠬᠦᠷᠭᠡᠯᠲᠡ ᠶᠢ ᠲᠡᠭᠦᠨ ᠤ ᠬᠡᠷ ᠲᠤ ᠬᠦᠷᠭᠡᠭᠰᠡᠨ ᠤ ᠳᠠᠷᠠᠭ᠎ᠠ᠂ ᠪᠢᠳᠡ ᠲᠦᠷᠭᠡᠨ ᠬᠦᠷᠭᠡᠯᠲᠡ ᠶᠢ ᠠᠪᠬᠤ ᠳᠤ ᠴᠥᠮ ᠲᠥᠬᠦᠮ ᠪᠣᠯᠵᠣ᠂ ᠢᠷᠡᠬᠦ ᠪᠦᠷᠢ ᠪᠢᠳᠡᠨ ᠳᠤ ᠮᠠᠰᠢ ᠬᠠᠯᠠᠭᠤᠮᠰᠤᠭ ᠪᠠᠶᠢᠵᠤ᠂ ᠦᠨᠡᠬᠡᠷ ᠳᠤᠯᠠᠭᠠᠨ ᠪᠠᠶᠢᠳᠠᠭ  ᠃ 》 ᠭᠡᠵᠦ ᠬᠤᠩ ᠸᠧᠶ ᠲᠣᠰᠬᠤᠨ ᠤ ᠠᠷᠠᠳ ᠵᠠᠩ ᠴᠦᠨ ᠬᠤᠸᠠ ᠪᠠᠶᠠᠷᠲᠠᠶ ᠬᠡᠯᠡᠨ᠎ᠡ  ᠃
  ᠯᠢᠶᠠᠩ ᠶᠠ ᠵᠢᠩ ᠬᠤᠶᠠᠷ ᠨᠠᠰᠤᠲᠠᠨ ᠳᠤ ᠬᠠᠶᠢᠷ᠎ᠠ ᠬᠠᠯᠠᠮᠵᠢ᠂ ᠬᠦᠯᠢᠴᠡᠩᠭᠦᠶ ᠪᠥᠭᠡᠳ ᠠᠴᠢᠯᠠᠯ ᠲᠠᠢ᠂ ᠲᠡᠭᠦᠨ  ᠤ ᠨᠢᠭᠡ ᠬᠤᠤᠰ ᠬᠡᠦᠬᠡᠳ ᠨᠢ ᠨᠢᠳᠦ ᠪᠠᠷ ᠢᠶᠠᠨ ᠦᠵᠡᠵᠦ᠂ ᠰᠡᠳᠬᠢᠯ ᠳᠡᠭᠡᠨ ᠴᠡᠭᠡᠵᠢᠯᠡᠵᠦ᠂ ᠬᠤᠶᠠᠷ ᠬᠡᠦᠬᠡᠳ ᠨᠢ ᠴᠥᠮ ᠡᠵᠢ ᠪᠠᠷ ᠢᠶᠠᠨ ᠳᠠᠭᠤᠷᠢᠶᠠᠯ ᠪᠣᠯᠵᠣ᠂ ᠡᠴᠢᠭᠡ ᠪᠠᠷ ᠢᠶᠠᠨ ᠳᠠᠭᠤᠷᠢᠶᠠᠯ ᠪᠣᠯᠭᠠᠵᠤ᠂ 《 ᠠᠴᠢᠯᠠᠯ ᠢ ᠲᠡᠷᠢᠭᠦᠨ ᠳᠤ ᠲᠠᠯᠪᠢᠬᠤ 》 ᠤᠯᠠᠮᠵᠢᠯᠠᠯᠲᠤ ᠰᠠᠶᠢᠬᠠᠨ ᠰᠤᠷᠲᠠᠯ ᠢ ᠤᠯᠠᠮᠵᠢᠯᠠᠨ ᠵᠠᠯᠭᠠᠮᠵᠢᠯᠠᠵᠤ ᠪᠠᠶᠢᠯ᠎ᠠ  ᠃ ᠲᠡᠭᠦᠨ  ᠤ ᠨᠢᠭᠡ ᠬᠤᠣᠰ ᠬᠡᠦᠬᠡᠳ ᠨᠢ ᠪᠠᠭ᠎ᠠ ᠠᠴᠠ ᠪᠠᠨ ᠤᠬᠠᠭᠠᠨ ᠲᠣᠮᠤᠭ᠎ᠠ ᠲᠠᠢ᠂ ᠦᠭᠡ ᠰᠣᠨᠣᠰᠬᠤ᠂ ᠠᠪᠤ ᠡᠵᠢ ᠪᠠᠨ ᠣᠶᠢᠯᠠᠭᠠᠬᠤ ᠨᠢ ᠠᠮᠠᠷ ᠦᠭᠡᠢ᠂ ᠠᠪᠤ ᠡᠵᠢ ᠪᠠᠨ ᠠᠴᠢᠯᠠᠵᠤ᠂ ᠣᠳᠣ ᠨᠢᠭᠡᠨᠲᠡ ᠠᠶᠢᠯ ᠭᠡᠷ ᠪᠣᠯᠵᠤ᠂ ᠠᠮᠢᠳᠤᠷᠠᠯ ᠨᠢ ᠪᠦᠷ ᠨᠡᠯᠢᠶᠡᠳ ᠵᠦᠭᠡᠷ  ᠃ ᠥᠬᠢᠨ ᠨᠢ ᠵᠦᠩ ᠴᠢ ᠳᠤ ᠰᠡᠯᠪᠢᠨ ᠵᠠᠰᠠᠬᠤ ᠭᠠᠵᠠᠷ ᠨᠡᠭᠡᠭᠡᠵᠡᠢ᠂ ᠬᠡᠳᠦᠶᠢᠪᠡᠷ ᠡᠵᠢ  ᠶᠢᠨ ᠭᠡᠷ ᠠᠴᠠ ᠵᠢᠭᠠᠬᠠᠨ ᠬᠤᠯᠠ ᠪᠣᠯᠪᠠᠴᠤ᠂ ᠴᠢᠯᠥᠭᠡ ᠲᠠᠢ ᠪᠣᠯᠤᠭᠰᠠᠭᠠᠷ ᠢᠳᠡᠵᠦ ᠤᠤᠭᠤᠬᠤ ᠪᠠᠨ ᠠᠪᠴᠤ ᠬᠠᠷᠢᠵᠤ ᠢᠷᠡᠭᠡᠳ ᠠᠪᠤ ᠡᠵᠢ ᠪᠣᠯᠤᠨ ᠡᠪᠦᠭᠡ ᠡᠮᠡᠭᠡ ᠪᠠᠨ ᠬᠦᠨᠳᠦᠯᠡᠨ᠎ᠡ᠂ ᠬᠠᠷᠢᠵᠤ ᠢᠷᠡᠵᠦ ᠳᠠᠢᠯᠠᠬᠤ ᠦᠭᠡᠢ ᠴᠦ ᠦᠷᠭᠦᠯᠵᠢ ᠤᠲᠠᠰᠤ ᠠᠪᠴᠤ ᠠᠪᠤ ᠡᠵᠢ ᠶᠢᠨ ᠢᠶᠠᠨ ᠪᠠᠢ ᠠ ᠮᠠᠬᠠᠪᠣᠳ ᠢ ᠢᠯᠡᠭᠦᠦ ᠠᠩᠬᠠᠷ ᠭᠡᠵᠦ ᠠᠰᠠᠭᠤᠳᠠᠭ  ᠃ ᠬᠦᠦ ᠨᠢ ᠭᠡᠷ ᠲᠡᠭᠡᠨ ᠲᠠᠷᠢᠶᠠᠨ ᠠᠵᠢᠯ ᠬᠢᠵᠦ᠂ ᠡᠴᠢᠭᠡ ᠡᠬᠡ ᠲᠠᠢ ᠪᠠᠨ ᠨᠡᠯᠢᠶᠡᠳ ᠣᠶᠢᠷᠠᠬᠠᠨ ᠰᠠᠭᠤᠵᠤ᠂ ᠦᠷᠭᠦᠯᠵᠢ ᠬᠠᠷᠢᠵᠤ ᠢᠷᠡᠭᠡᠳ ᠡᠴᠢᠭᠡ ᠡᠬᠡ ᠪᠠᠨ ᠬᠠᠪᠰᠤᠷᠤᠨ ᠲᠠᠷᠢᠶᠠᠨ ᠠᠵᠢᠯ᠂ ᠬᠤᠨᠢ ᠲᠡᠵᠢᠭᠡᠬᠦ᠂ ᠬᠤᠨᠢ ᠴᠡᠪᠡᠷᠯᠡᠬᠦ᠂ ᠭᠠᠭ᠋ᠠᠶ ᠶᠢᠨ ᠬᠠᠰᠢᠶ᠎ᠠ᠂ ᠭᠠᠭ᠋ᠠᠶ ᠶᠢᠨ ᠬᠠᠰᠢᠶ᠎ᠠ ᠵᠡᠷᠭᠡ ᠶᠢ ᠬᠢᠳᠡᠭ᠂ ᠯᠢᠶᠠᠩ ᠶᠠ ᠵᠢᠩ ᠬᠡᠦᠬᠡᠳ ᠤᠳ  ᠨᠢ ᠪᠦᠷ ᠢᠮᠦ ᠠᠴᠢᠯᠠᠯ ᠲᠠᠢ᠂ ᠥᠭᠡᠳᠡ ᠲᠠᠢ᠂ ᠲᠡᠷᠡ ᠡᠷ᠎ᠡ ᠨᠥᠬᠦᠷ ᠲᠠᠢ ᠪᠠᠨ ᠰᠡᠳᠬᠢᠯ ᠳᠣᠲᠣᠷ᠎ᠠ ᠶᠡᠷᠦ ᠨᠢ ᠪᠠᠶᠠᠷ ᠬᠥᠷ ᠲᠠᠢ ᠪᠠᠶᠢᠵᠤ᠂ ᠬᠡᠦᠬᠡᠳ ᠲᠤ ᠪᠠᠨ᠂ ᠭᠡᠷ ᠪᠦᠯᠢ ᠳᠤ ᠪᠠᠨ ᠠᠯᠢᠪᠠ ᠪᠠᠨ ᠵᠣᠷᠢᠭᠤᠯᠤᠭᠰᠠᠨ ᠨᠢ ᠪᠦᠷ ᠪᠡᠨ᠎ᠡ ᠲᠠᠢ ᠭᠡᠵᠦ ᠪᠣᠳᠣᠳᠠᠭ  ᠃   ᠨᠠᠰᠤᠲᠠᠨ ᠢᠶᠠᠨ ᠬᠠᠶᠢᠷᠠᠯᠠᠬᠤ ᠰᠡᠳᠬᠢᠯᠭᠡ ᠶᠢ ᠡᠪᠦᠷᠯᠡᠨ᠂ ᠡᠷ᠎ᠡ ᠡᠮ᠎ᠡ ᠶᠢᠨ ᠶᠣᠰᠣ ᠮᠣᠷᠠᠯ ᠢ ᠬᠢᠴᠢᠶᠡᠩᠭᠦᠶᠢᠯᠡᠨ ᠰᠠᠬᠢᠵᠤ᠂ ᠠᠴᠢᠯᠠᠯ ᠵᠢᠷᠤᠮ ᠤᠨ ᠠᠵᠢᠯᠯᠠᠭ᠎ᠠ ᠶᠢ ᠬᠦᠴᠦᠯᠡᠨ ᠬᠢᠵᠦ᠂ ᠵᠢᠵᠢᠭ ᠰᠠᠵᠢᠭ ᠶᠠᠪᠤᠳᠠᠯ ᠠᠴᠠ ᠡᠬᠢᠯᠡᠨ ᠬᠢᠵᠦ᠂ ᠯᠢᠶᠠᠩ ᠶᠠ ᠵᠢᠩ ᠡᠷ᠎ᠡ ᠡᠮ᠎ᠡ ᠬᠤᠶᠠᠷ ᠤᠨ ᠪᠡᠶ᠎ᠡ ᠳᠡᠭᠡᠷ᠎ᠡ ᠠᠴᠠ ᠪᠢᠳᠡ ᠮᠠᠰᠢ ᠣᠯᠠᠨ ᠳᠤᠮᠳᠠᠳᠤ ᠶᠢᠨ ᠬᠥᠪᠡᠭᠦᠳ ᠥᠬᠢᠳ ᠤᠨ ᠰᠢᠯᠢᠳᠡᠭ ᠤᠯᠠᠮᠵᠢᠯᠠᠯᠲᠤ ᠰᠠᠶᠢᠬᠠᠨ ᠵᠠᠩ ᠰᠤᠷᠲᠠᠯ ᠢ ᠣᠯᠵᠤ ᠬᠠᠷᠠᠯ᠎ᠠ᠂ ᠬᠠᠮᠤᠭ ᠤᠨ ᠭᠤᠶᠣ ᠰᠠᠶᠢᠬᠠᠨ ᠬᠡᠷ ᠪᠦᠯᠢ ᠨᠢᠭᠡᠪᠦᠷᠢ ᠪᠣᠯ ᠴᠥᠮ ᠬᠡᠷ ᠤᠨ ᠰᠤᠷᠲᠠᠯ ᠤᠨ ᠪᠠᠶᠢᠭᠤᠯᠤᠯᠲᠠ ᠶᠢᠨ ᠲᠤᠭ ᠲᠡᠮᠳᠡᠭ ᠮᠥᠨ᠂ ᠯᠢᠶᠠᠩ ᠶᠠ ᠵᠢᠩ᠂ ᠵᠢᠶᠠᠩ ᠵᠠᠨ ᠭᠦᠸᠧ ᠡᠷ᠎ᠡ ᠡᠮ᠎ᠡ ᠬᠤᠶᠠᠭᠤᠯᠠ ᠥᠪᠡᠷ ᠤᠨ ᠪᠣᠳᠠᠲᠤ ᠠᠵᠢᠯᠯᠠᠭ᠎ᠠ ᠪᠠᠷ  ᠢᠶᠠᠨ ᠬᠠᠮᠤᠭ ᠤᠨ ᠭᠤᠶᠣ ᠰᠠᠶᠢᠬᠠᠨ ᠬᠡᠷ ᠪᠦᠯᠢ ᠶᠢᠨ ᠭᠦᠨ ᠭᠦᠨᠵᠡᠭᠡᠶ ᠠᠭᠤᠯᠤᠭᠳᠠᠬᠤᠨ ᠢ ᠲᠠᠶᠢᠯᠪᠤᠷᠢᠯᠠᠵᠤ ᠪᠠᠶᠢᠨ᠎ᠠ  ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号