ᠳ᠋ᠦᠩ ᠴᠢᠤᠸᠠᠨ ᠠᠮᠲᠠᠲᠤ ᠬᠡᠮᠬᠡ
ᠨᠡᠶᠢᠲᠡᠯᠡᠭᠰᠡᠨ ᠴᠠᠭ᠄
2024/5/15
   ᠬᠠᠰ ᠴᠠᠰᠤ ᠥᠨᠳᠥᠷ ᠰᠢᠬᠢᠷ᠂ ᠭᠡᠨᠡᠳᠲᠡ ᠨᠢᠭᠡ ᠴᠠᠭᠠᠨ ᠬᠤᠪᠴᠠᠰᠤ ᠲᠠᠢ ᠬᠡᠦᠬᠡᠨ ᠴᠠᠰᠤᠲᠤ ᠠᠭᠤᠯᠠ ᠶᠢᠨ ᠣᠷᠭᠢᠯ ᠠᠴᠠ ᠢᠷᠡᠭᠰᠡᠨ ᠰᠢᠭ ᠢᠮᠦ ᠰᠠᠶᠢᠬᠠᠨ ᠨᠡᠷ᠎ᠡ ᠨᠢ ᠳᠠᠷᠤᠢ ᠳ᠋ᠦᠩ ᠴᠢᠤᠸᠠᠨ ᠰᠢᠶᠠᠩ ᠭᠤᠸᠠ ᠶᠢᠨ ᠲᠠᠷᠢᠮᠠᠯ  ᠤᠨ ᠲᠥᠷᠥᠯ ᠵᠦᠢᠯ ᠪᠣᠯᠤᠨ᠎ᠠ᠂ ᠤᠳᠤ ᠵᠡᠭᠦᠨ ᠳᠥᠷᠪᠡᠳ ᠪᠠᠯᠭᠠᠰᠤᠨ ᠤ ᠳ᠋ᠦᠩ ᠴᠢᠤᠸᠠᠨ ᠲᠣᠰᠬᠤᠨ ᠤ ᠠᠮᠲᠠᠲᠤ ᠬᠡᠮᠬᠡ ᠤᠳᠠᠯ ᠦᠭᠡᠢ ᠪᠣᠯᠪᠠᠰᠤᠷᠠᠬᠤ ᠤᠯᠠᠷᠢᠯ ᠢᠶᠠᠨ ᠤᠭᠲᠤᠵᠤ᠂ ᠬᠡᠳᠦᠨ ᠡᠳᠦᠷ ᠤᠨ ᠳᠠᠷᠠᠭ᠎ᠠ ᠵᠠᠬ᠎ᠠ ᠳᠡᠯᠭᠡᠭᠦᠷ  ᠲᠤ ᠭᠠᠷᠤᠨ᠎ᠠ  ᠃
  ᠤᠰᠤᠨ ᠡᠷᠭᠢ ᠶᠢᠨ ᠨᠢᠭᠡᠳᠦᠭᠡᠷ ᠳᠡᠰ ᠤᠨ ᠪᠦᠲᠦᠭᠡᠭᠳᠡᠬᠦᠨ᠂ ᠲᠠ 18 ℃ ᠤᠨ ᠰᠢᠬᠢᠷᠯᠢᠭ ᠠᠮᠲᠠ ᠶᠢ ᠠᠮᠲᠠᠯᠠᠭᠠᠷᠠᠢ  ᠃ ᠳ᠋ᠦᠩ ᠴᠢᠤᠸᠠᠨ ᠲᠣᠰᠬᠤᠨ ᠥᠪᠥᠷ ᠮᠣᠩᠭᠤᠯ ᠤᠨ ᠵᠡᠭᠦᠨ ᠬᠤᠶᠢᠲᠤ ᠣᠷᠣᠨ ᠳᠤ ᠪᠠᠶᠢᠷᠢᠰᠢᠵᠤ᠂ ᠨᠡᠷᠡᠨ ᠤ ᠲᠤᠰᠤᠯᠲᠠ ᠰᠠᠶᠢᠨ᠂ ᠣᠨᠴᠠ ᠶᠢᠨ ᠰᠠᠶᠢᠨ ᠡᠯᠡᠰᠦᠨ ᠭᠠᠵᠠᠷ ᠨᠢ ᠳ᠋ᠦᠩ ᠴᠢᠤᠸᠠᠨ ᠲᠣᠰᠬᠤᠨ ᠢ ᠠᠮᠲᠠᠲᠤ ᠬᠡᠮᠬᠡ ᠶᠢᠨ ᠬᠥᠭᠵᠢᠯᠲᠡ ᠶᠢᠨ 《 ᠲᠩᠷᠢ ᠶᠢᠨ ᠰᠣᠩᠭᠤᠯᠲᠠ 》 ᠪᠣᠯᠭᠠᠵᠤ᠂ ᠬᠦᠯᠡᠮᠵᠢ ᠶᠢᠨ ᠳᠤᠯᠠᠭᠠᠨ ᠤ ᠬᠡᠮᠵᠢᠶ᠎ᠡ ᠶᠢ ᠲᠣᠬᠢᠷᠠᠭᠤᠯᠤᠨ ᠡᠵᠡᠮᠳᠡᠬᠦ ᠪᠠᠷ ᠳᠡᠮᠵᠢᠨ᠂ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠢ ᠵᠣᠷᠢᠭᠤᠳᠠ ᠨᠡᠮᠡᠭᠳᠡᠭᠦᠯᠵᠦ᠂ ᠵᠢᠮᠢᠰ ᠤᠨ ᠰᠢᠬᠢᠷ ᠤᠨ ᠰᠣᠯᠢᠯᠴᠠᠭᠠᠨ ᠤ ᠦᠶᠯᠡᠳᠦᠯ ᠢ ᠬᠤᠪᠢᠷᠠᠭᠤᠯᠬᠤ ᠪᠠᠷ ᠳᠡᠮᠵᠢᠨ ᠰᠢᠬᠢᠷ ᠤᠨ ᠬᠤᠷᠠᠮᠳᠤᠭᠤᠯᠤᠯ ᠤᠨ ᠬᠡᠮᠵᠢᠶ᠎ᠡ ᠶᠢ ᠳᠡᠭᠡᠭᠰᠢᠯᠡᠭᠦᠯᠵᠦ᠂ ᠦᠶᠯᠡᠳᠪᠦᠷᠢᠯᠡᠭᠰᠡᠨ ᠠᠮᠲᠠᠲᠤ ᠬᠡᠮᠬᠡ ᠶᠢᠨ ᠰᠢᠬᠢᠷᠯᠢᠭ ᠤᠨ ᠬᠡᠮᠵᠢᠶ᠎ᠡ ᠨᠢ 18 ℃ ᠪᠠᠶᠢᠵᠤ᠂ ᠨᠢᠭᠡ ᠠᠮᠠ ᠨᠢ ᠴᠦ ᠠᠮᠲᠠᠲᠠᠶ ᠪᠠᠶᠢᠳᠠᠭ  ᠃ ᠡᠭᠦᠨ ᠤ ᠬᠠᠮᠲᠤ᠂ ᠳ᠋ᠦᠩ ᠴᠢᠤᠸᠠᠨ ᠠᠮᠲᠠᠲᠤ ᠬᠡᠮᠬᠡ ᠳᠤ ᠶᠡᠭᠡ ᠬᠡᠮᠵᠢᠶᠡᠨ ᠤ ᠨᠡᠭᠦᠷᠡᠰᠦ ᠤᠰᠤᠨ ᠤ ᠨᠢᠭᠡᠳᠪᠦᠷᠢ ᠵᠢᠴᠢ ᠨᠢᠮᠪᠡᠭᠡ ᠶᠢᠨ ᠬᠦᠴᠢᠯ ᠠᠭᠤᠯᠵᠤ᠂ ᠤᠰᠤ ᠨᠢ ᠭᠦᠶᠴᠡᠳ᠂ ᠬᠠᠯᠠᠭᠤᠨ ᠢ ᠠᠷᠢᠯᠭᠠᠵᠤ᠂ ᠤᠮᠳᠠ ᠶᠢ ᠳᠠᠷᠤᠵᠤ᠂ ᠪᠤᠬᠢᠨᠢᠳᠤᠯ ᠢ ᠠᠷᠢᠯᠭᠠᠨ᠎ᠠ  ᠃ ᠠᠮᠲᠠᠲᠤ ᠬᠡᠮᠬᠡ ᠶᠢᠨ ᠳᠣᠲᠣᠷᠠᠬᠢ ᠢᠰᠬᠡᠭᠦᠷ ᠨᠢ ᠠᠭᠤᠰᠬᠤ ᠥᠬᠡᠶ ᠤᠭᠤᠷᠠᠭ ᠢ ᠠᠭᠤᠰᠬᠤ ᠴᠢᠨᠠᠷᠲᠠᠶ ᠤᠭᠤᠷᠠᠭ ᠪᠣᠯᠭᠠᠨ ᠬᠤᠪᠢᠷᠠᠭᠤᠯᠤᠨ᠎ᠠ᠂ ᠳᠠᠷᠤᠶ ᠠᠮᠲᠠᠲᠠᠶ ᠮᠥᠷᠲᠡᠭᠡᠨ ᠰᠢᠮ᠎ᠡ ᠲᠡᠵᠢᠭᠡᠯ ᠲᠠᠢ  ᠃
《 ᠬᠤᠪᠣᠷ ᠵᠦᠶᠯ ᠢ ᠵᠠᠪᠳᠤᠨ 》 ᠵᠠᠬ᠎ᠠ ᠳᠡᠯᠭᠡᠭᠦᠷ ᠲᠤ ᠭᠠᠷᠭᠠᠵᠤ᠂ ᠬᠠᠪᠤᠷ ᠤᠨ ᠪᠣᠯᠵᠤᠭ᠎ᠠ ᠶᠢ ᠬᠠᠮᠲᠤ ᠪᠠᠷ ᠪᠣᠯᠵᠣᠪᠠ  ᠃ ᠠᠮᠲᠠᠲᠤ ᠬᠡᠮᠬᠡ ᠶᠢᠨ ᠲᠠᠷᠢᠮᠠᠯ ᠤᠨ ᠡᠷᠦᠬᠡ ᠶᠢᠨ ᠥᠨᠳᠥᠷ ᠲᠤᠩᠭᠠᠯᠠᠭ ᠬᠦᠯᠡᠮᠵᠢ ᠳᠤ ᠣᠷᠣᠪᠠᠯ᠂ ᠪᠡᠬᠡᠨ ᠨᠣᠭᠤᠭᠠᠨ ᠨᠠᠪᠴᠢ ᠨᠠᠮᠠᠭ᠎ᠠ ᠨᠢ ᠨᠢᠭᠡ ᠳᠣᠤᠷ᠎ᠠ ᠪᠥᠭᠡᠮᠨᠡᠷᠡᠵᠦ᠂ ᠨᠣᠮᠢᠨ ᠨᠣᠭᠤᠭᠠᠨ ᠠᠮᠲᠠᠲᠤ ᠬᠡᠮᠬᠡ ᠨᠢ ᠨᠢᠭᠡᠨᠲᠡ ᠭᠠᠷ ᠤᠨ ᠠᠯᠠᠭᠠᠨ ᠤ ᠶᠡᠭᠡ ᠪᠠᠭ᠎ᠠ ᠲᠠᠢ ᠪᠣᠯᠵᠣ᠂ ᠥᠩᠭᠡ ᠪᠤᠳᠤᠭ ᠨᠢ ᠭᠢᠯᠲᠠᠭᠠᠨᠠᠮ᠎ᠠ᠂ ᠭᠠᠳᠠᠷ ᠬᠡᠯᠪᠡᠷᠢ ᠳᠦᠷᠰᠦ ᠨᠢ ᠳᠦᠭᠦᠷᠡᠩ ᠪᠠᠶᠢᠵᠤ᠂ ᠬᠥᠳᠡᠯᠬᠦ ᠪᠠᠷ ᠪᠡᠯᠡᠬᠡᠨ ᠪᠠᠶᠢᠵᠤ᠂ ᠰᠢᠯᠦᠰᠦ ᠪᠠᠨ ᠭᠤᠭᠤᠵᠢᠭᠤᠯᠤᠨ᠎ᠠ  ᠃ ᠭᠤᠤ ᠯᠢᠶᠠᠩ ᠶᠠᠭ ᠠᠮᠲᠠᠲᠤ ᠬᠡᠮᠬᠡ ᠳᠤ ᠤᠰᠤ ᠰᠦᠷᠴᠢᠵᠦ ᠥᠭᠴᠦ ᠪᠠᠶᠢᠨ᠎ᠠ᠂ ᠪᠦᠬᠦᠶᠢᠯᠡ ᠬᠦᠯᠡᠮᠵᠢ ᠶᠢᠨ ᠫᠧᠩ ᠳᠣᠲᠣᠷ᠎ᠠ ᠨᠢᠭᠡ ᠪᠦᠯᠦᠭ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠡᠯᠪᠡᠭ ᠬᠤᠷᠢᠶᠠᠯᠲᠠ ᠣᠯᠤᠭᠰᠠᠨ ᠪᠠᠢᠳᠠᠯ ᠢᠯᠡᠷᠡᠵᠦ ᠪᠠᠶᠢᠨ᠎ᠠ᠂ 《 ᠪᠠᠰᠠ ᠠᠷᠪᠠᠨ ᠬᠡᠳᠦᠨ ᠡᠳᠦᠷ ᠤᠨ ᠳᠠᠷᠠᠭ᠎ᠠ ᠠᠮᠲᠠᠲᠤ ᠬᠡᠮᠬᠡ ᠵᠠᠬ᠎ᠠ ᠳᠡᠯᠭᠡᠭᠦᠷ ᠲᠤ ᠭᠠᠷᠴᠤ ᠪᠣᠯᠤᠨ᠎ᠠ᠂ ᠡᠨᠡ ᠵᠢᠯ ᠠᠮᠲᠠᠲᠤ ᠬᠡᠮᠬᠡ ᠰᠠᠶᠢᠨ ᠪᠠᠷᠢᠯᠳᠤᠵᠤ᠂ ᠠᠮᠲᠠ ᠨᠢ ᠨᠠᠩ ᠰᠢᠬᠢᠷᠯᠢᠭ᠂ ᠣᠷᠴᠢᠮ ᠬᠠᠭᠤᠴᠢᠨ ᠬᠤᠳᠠᠯᠳᠤᠨ ᠠᠪᠤᠭᠴᠢ ᠲᠤᠩ ᠠᠷᠪᠢᠨ ᠤᠲᠠᠰᠤ ᠢᠷᠡᠭᠦᠯᠵᠦ᠂ ᠪᠦᠷ ᠠᠮᠲᠠᠲᠤ ᠬᠡᠮᠬᠡ ᠬᠡᠵᠢᠶ᠎ᠡ ᠵᠠᠬ᠎ᠠ ᠳᠡᠯᠭᠡᠭᠦᠷ ᠲᠤ ᠭᠠᠷᠬᠤ ᠶᠢ ᠠᠰᠠᠭᠤᠵᠤ ᠪᠠᠶᠢᠨ᠎ᠠ  ᠃ ᠭᠡᠵᠦ ᠥᠨᠳᠥᠷ ᠳᠠᠭᠤᠨ ᠢᠶᠠᠷ ᠢᠨᠢᠶᠡᠮᠰᠦᠭᠯᠡᠨ ᠬᠡᠯᠡᠪᠡ  ᠃
    ᠣᠷᠭᠢᠯ ᠤᠨ ᠬᠤᠭᠤᠴᠠᠭ᠎ᠠ ᠶᠢ ᠵᠥᠷᠢᠭᠦᠯᠦᠨ ᠢᠷᠡᠵᠦ᠂ ᠴᠢᠨᠦ ᠠᠮᠲᠠ ᠶᠢᠨ ᠴᠣᠮᠣᠷᠯᠢᠭ ᠢ ᠪᠦᠬᠦᠯᠢ ᠵᠤᠨ ᠲᠤ ᠤᠷᠪᠠᠭᠤᠯᠤᠭᠠᠷᠠᠢ᠃ ᠰᠠᠶ᠋ᠢ ᠵᠠᠬ᠎ᠠ ᠳᠡᠯᠭᠡᠭᠦᠷ ᠲᠤ ᠭᠠᠷᠬᠤ ᠦᠶᠡᠰ ᠨᠢᠭᠡᠳᠦᠭᠡᠷ ᠠᠮᠲᠠ ᠶᠢ ᠠᠯᠳᠠᠬᠤ ᠠᠴᠠ ᠠᠶᠤᠨ᠎ᠠ ︖ ᠰᠠᠨᠠᠭ᠎ᠠ ᠠᠮᠤᠷ ᠪᠠᠢᠭᠠᠷᠠᠢ᠂ ᠴᠢᠨᠦ ᠠᠪᠬᠤ ᠭᠡᠰᠡᠨ ᠵᠦᠢᠯ ᠪᠢᠳᠡᠨ ᠳᠤ ᠪᠦᠷ ᠪᠠᠶᠢᠨ᠎ᠠ᠂ ᠳ᠋ᠦᠩ ᠴᠢᠤᠸᠠᠨ ᠠᠮᠲᠠᠲᠤ ᠬᠡᠮᠬᠡ ᠶᠢ ᠬᠦᠢᠲᠡᠨ ᠫᠧᠩ ᠤᠨ ᠠᠮᠲᠠᠲᠤ ᠬᠡᠮᠬᠡ ᠪᠠ ᠡᠬᠡ ᠭᠠᠵᠠᠷ ᠤᠨ ᠠᠮᠲᠠᠲᠤ ᠬᠡᠮᠬᠡ ᠭᠡᠵᠦ ᠬᠤᠪᠢᠶᠠᠨ᠎ᠠ ᠂ ᠲᠠᠷᠢᠭᠰᠠᠨ ᠴᠠᠭ ᠨᠢ ᠠᠳᠠᠯᠢ ᠦᠭᠡᠢ ᠠᠴᠠ ᠪᠣᠯᠵᠤ᠂ ᠠᠮᠲᠠᠲᠤ ᠬᠡᠮᠬᠡ ᠶᠢᠨ ᠪᠣᠯᠪᠠᠰᠤᠷᠠᠬᠤ ᠴᠠᠭ ᠨᠢ ᠪᠠᠰᠠ ᠵᠢᠭᠠᠬᠠᠨ ᠵᠥᠷᠢᠶ᠎ᠡ ᠲᠠᠢ᠂ 5 ᠰᠠᠷ᠎ᠠ ᠶᠢᠨ ᠰᠡᠭᠦᠯᠴᠢ ᠠᠴᠠ 8 ᠰᠠᠷ᠎ᠠ ᠶᠢᠨ ᠡᠬᠢ ᠪᠣᠯᠲᠠᠯ᠎ᠠ᠂ ᠳ᠋ᠦᠩ ᠴᠢᠤᠸᠠᠨ ᠠᠮᠲᠠᠲᠤ ᠬᠡᠮᠬᠡ ᠣᠷᠭᠢᠯ ᠤᠨ ᠦᠶ᠎ᠡ ᠶᠢ ᠵᠥᠷᠢᠭᠦᠯᠦᠨ ᠢᠷᠡᠵᠦ᠂ ᠯᠠᠪᠲᠠᠶ ᠴᠢᠨᠦ ᠠᠮᠲᠠ ᠶᠢᠨ ᠴᠣᠮᠣᠷᠯᠢᠭ ᠢ ᠬᠠᠨᠤᠲᠠᠯ᠎ᠠ ᠠᠮᠲᠠᠯᠠᠭᠤᠯᠤᠨ᠎ᠠ᠂ ᠨᠢᠭᠡ ᠯᠡ ᠠᠮᠠ ᠪᠠᠷ᠂ ᠰᠢᠭᠦᠰᠦ ᠨᠢ ᠠᠮᠠᠨ ᠰᠢᠳᠦᠨ ᠤ ᠬᠤᠭᠤᠷᠣᠨᠳᠣ ᠤᠷᠪᠠᠵᠤ᠂ ᠵᠣᠯ ᠵᠢᠷᠭᠠᠯ ᠤᠨ ᠲᠥᠷᠥᠭᠳᠡᠯ ᠬᠤᠷᠣᠮᠬᠠᠨ ᠵᠠᠭᠤᠷ᠎ᠠ ᠰᠡᠳᠬᠢᠯ ᠳᠤ ᠣᠷᠣᠵᠤ᠂ ᠥᠪᠡᠷ ᠤᠨ ᠡᠷᠬᠡ ᠦᠭᠡᠢ ᠰᠡᠭᠦᠷᠡᠰᠦ ᠠᠯᠳᠠᠨ᠎ᠠ᠂ ᠶᠠᠭᠠᠬᠢᠭᠠᠳ ᠨᠢᠭᠡ 《 ᠰᠢᠬᠢᠷᠯᠢᠭ 》 ᠦᠰᠦᠭ ᠪᠣᠯᠴᠢᠬᠠᠪᠠ᠂ ᠡᠨᠡ ᠵᠤᠨ᠂ ᠴᠢᠨᠦ ᠠᠮᠲᠠ ᠶᠢᠨ ᠴᠣᠮᠣᠷᠯᠢᠭ ᠢ ᠪᠢ ᠳᠠᠭᠠᠭᠠᠴᠢᠯᠠᠵᠤ ᠠᠪᠤᠶ᠎ᠠ  ᠃   ᠡᠶᠢᠮᠦ ᠳ᠋ᠦᠩ ᠴᠢᠤᠸᠠᠨ ᠰᠢᠶᠠᠩ ᠭᠤᠸᠠ ᠶᠢᠨ ᠰᠡᠳᠬᠢᠯ ᠬᠥᠳᠡᠯᠦᠭᠰᠡᠨ ᠤᠤ? ᠪᠠᠰᠠ ᠠᠷᠪᠠᠨ ᠬᠡᠳᠦᠨ ᠡᠳᠦᠷ ᠳ᠋ᠦᠩ ᠴᠢᠤᠸᠠᠨ ᠰᠢᠶᠠᠩ ᠭᠤᠸᠠ ᠤᠳᠠᠯ ᠦᠭᠡᠢ ᠵᠠᠬ᠎ᠠ ᠳᠡᠯᠭᠡᠭᠦᠷ ᠲᠤ ᠭᠠᠷᠬᠤ ᠭᠡᠵᠦ ᠪᠠᠶᠢᠨ᠎ᠠ᠂ ᠪᠢᠳᠡᠨ ᠢ ᠳ᠋ᠦᠩ ᠴᠢᠤᠸᠠᠨ ᠲᠣᠰᠬᠤᠨ ᠳᠤ ᠠᠷᠪᠠᠨ ᠨᠠᠢᠮᠠᠨ ᠭᠷᠠᠳᠦ᠋ᠰ ᠤᠨ ᠰᠢᠬᠢᠷᠯᠢᠭ ᠢᠳᠡᠭᠡᠨ ᠲᠠᠢ ᠠᠭᠤᠯᠵᠠᠭᠤᠯᠵᠤ᠂ ᠬᠠᠪᠤᠷ ᠰᠣᠷᠭᠤᠭ ᠢ ᠠᠮᠲᠠᠯᠠᠭᠤᠯᠤᠶ᠎ᠠ  ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号