| ᠡᠯᠧᠺᠳ᠋ᠷᠣᠨ ᠬᠤᠳᠠᠯᠳᠣᠭᠠᠴᠢᠳ ᠤᠨ ᠰᠢᠭᠤᠳ ᠨᠡᠪᠳᠡᠷᠡᠬᠦᠯᠬᠡ ᠣᠯᠠᠮᠵᠢᠯᠠᠯᠳᠣ ᠪᠣᠷᠣᠯᠠᠭᠤᠯᠭ᠎ᠠ ᠶᠢᠨ ᠵᠠᠭᠪᠤᠷ ᠢ | ᠬᠤᠪᠢᠷᠠᠭᠤᠯᠣᠬᠰᠠᠨ ᠤ ᠬᠠᠮᠳᠣ ᠪᠠᠰᠠ ᠴᠦᠬᠡᠨ ᠪᠣᠰᠣ ᠬᠠᠣᠯᠢ ᠵᠦᠷᠢᠴᠡᠭᠰᠡᠳ ᠤᠨ ᠵᠠᠪᠰᠢᠶᠡᠨ ᠢ ᠲᠠᠯᠢᠮᠳᠠᠭᠤᠯᠣᠨ | ᠬᠠᠭᠤᠷᠮᠠᠭ ᠮᠠᠭᠤ ᠪᠠᠷᠠᠭ᠎ᠠ ᠬᠤᠳᠠᠯᠳᠣᠵᠦ ᠠᠰᠢᠬ ᠣᠯᠬᠤ ᠲᠠᠪᠴᠠᠩ ᠪᠣᠯᠣᠬᠰᠠᠨ ᠪᠠᠶᠢᠨ᠎ᠠ᠃ ᠵᠢᠱᠢᠶᠡᠯᠡᠬᠦ ᠳᠤ ᠡᠯᠳᠡᠪ | ᠵᠦᠢᠯ ᠤᠨ ᠡᠷᠡᠬᠦᠯᠵᠢᠯ ᠤᠨ ᠪᠦᠳᠦᠭᠡᠭᠳᠡᠬᠦᠨ ᠰᠢᠭᠤᠳ ᠨᠡᠪᠳᠡᠷᠡᠬᠦᠯᠬᠡ ᠶᠢᠨ ᠲᠠᠪᠴᠠᠩ ᠳᠡᠭᠡᠷ᠎ᠡ ᠪᠣᠷᠣᠯᠠᠭᠤᠯᠣᠭᠳᠠᠵᠦ᠂ | ᠴᠠᠬᠢᠯᠭᠠᠨ ᠭᠠᠷᠭᠠᠬᠤ ᠡᠯᠢᠭᠡᠪᠴᠢ᠂ ᠡᠨᠧᠷᠭᠢᠲᠦ ᠳᠡᠷᠡ᠂ ᠴᠢᠰᠣᠨ ᠲᠠᠷᠣᠯᠳᠠ ᠪᠠᠭᠤᠷᠠᠭᠤᠯᠬᠤ ᠭᠠᠷ ᠣᠳᠠᠰᠣ ᠵᠡᠷᠭᠡ | ᠪᠦᠳᠦᠭᠡᠭᠳᠡᠬᠦᠨ ᠬᠦᠳᠡᠭᠡ ᠲᠣᠰᠬᠤᠨ ᠳᠤ ᠴᠤ ᠪᠣᠷᠣᠯᠠᠭᠤᠯᠣᠭᠳᠠᠵᠦ ᠪᠠᠶᠢᠨ᠎ᠠ᠃ ᠡᠳᠡᠭᠡᠷ ᠲᠦᠷᠦᠯ ᠤᠨ | ᠪᠦᠳᠦᠭᠡᠭᠳᠡᠬᠦᠨ ᠢ ᠬᠤᠳᠠᠯᠳᠣᠨ ᠠᠪᠬᠤ ᠳᠠᠭᠠᠨ ᠰᠡᠷᠡᠮᠵᠢ ᠪᠠᠨ ᠳᠡᠭᠡᠭᠰᠢᠯᠡᠭᠦᠯᠬᠦ ᠴᠢᠬᠤᠯᠠ ᠲᠠᠢ ᠪᠠᠶᠢᠨ᠎ᠠ᠃ | ᠰᠢᠦᠢ ᠵᠢᠶᠦ᠋ᠨ ᠵᠢᠷᠣᠪᠠ ᠰᠢᠨᠬᠤᠸᠠ ᠬᠤᠷᠢᠶᠠᠨ ᠤ ᠵᠢᠷᠤᠭ | |