ᠭᠤᠣᠯ ᠡᠭᠦᠷᠭᠡ ᠬᠠᠷᠢᠭᠤᠴᠠᠯᠭ᠎ᠠ ᠨᠢ᠄ | ︵ᠨᠢᠭᠡ︶ ᠤᠯᠤᠰ ᠪᠠ ᠥᠪᠡᠷᠲᠡᠭᠡᠨ ᠵᠠᠰᠠᠬᠤ ᠣᠷᠣᠨ᠂ ᠠᠶᠢᠮᠠᠭ ᠤᠨ ᠡᠮᠴᠢᠯᠡᠭᠡᠨ ᠤ ᠳᠠᠭᠠᠳᠬᠠᠯ᠂ | ᠦᠷᠡᠵᠢᠯ ᠤᠨ ᠳᠠᠭᠠᠳᠬᠠᠯ᠂ ᠡᠮᠴᠢᠯᠡᠭᠡᠨ ᠤ ᠠᠪᠤᠷᠠᠨ ᠲᠤᠰᠠᠯᠠᠯᠲᠠ ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ᠂ | ᠲᠦᠷᠢᠮ ᠲᠣᠭᠲᠠᠭᠠᠯ ᠤᠨ ᠲᠥᠰᠦᠯ ᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠲᠦᠴᠢᠦᠸᠠᠨ ᠰᠢᠶᠠᠨ ᠤ | ᠪᠣᠳᠠᠲᠠᠶ ᠲᠠᠢ ᠤᠶᠠᠯᠳᠤᠭᠤᠯᠤᠨ᠂ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ᠂ ᠲᠥᠯᠥᠪᠵᠢᠭᠦᠯᠭᠡ᠂ ᠪᠠᠷᠢᠮᠵᠢᠶ᠎ᠠ ᠶᠢ | ᠰᠤᠳᠤᠯᠤᠨ ᠲᠤᠭᠤᠷᠪᠢᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠦᠨ᠎ᠡ᠃ | ︵ᠬᠤᠶᠠᠷ︶ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ ᠪᠦᠬᠦ ᠰᠢᠶᠠᠨ ᠤ ᠡᠮᠴᠢᠯᠡᠭᠡᠨ ᠤ | ᠪᠠᠲᠤᠯᠠᠭ᠎ᠠ ᠶᠢᠨ ᠰᠠᠭᠤᠷᠢ ᠮᠥᠩᠭᠦ ᠶᠢᠨ ᠲᠥᠰᠦᠪ ᠪᠠ ᠲᠥᠰᠦᠪ ᠤᠨ ᠭᠦᠢᠴᠡᠳᠬᠡᠯ ᠤᠨ ᠲᠥᠰᠦᠯ ᠢ ᠨᠠᠶᠢᠷᠠᠭᠤᠯᠤᠨ | ᠵᠣᠬᠢᠶᠠᠵᠤ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠬᠢᠨᠠᠯᠲᠠ ᠬᠠᠮᠢᠶᠠᠷᠤᠯᠲᠠ ᠶᠢᠨ ᠠᠷᠭ᠎ᠠ ᠶᠢ | ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ ᠮᠥᠩᠭᠦ ᠶᠢᠨ ᠠᠮᠤᠷ ᠲᠦᠪᠰᠢᠨ ᠢ | ᠰᠡᠷᠭᠡᠶᠢᠯᠡᠨ ᠡᠵᠡᠮᠳᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠡᠮᠴᠢᠯᠡᠭᠡᠨ ᠤ ᠪᠠᠲᠤᠯᠠᠭ᠎ᠠ ᠶᠢᠨ ᠰᠠᠭᠤᠷᠢ | ᠮᠥᠩᠭᠦ ᠶᠢᠨ ᠲᠣᠭᠠᠴᠠᠭ᠎ᠠ ᠬᠢᠬᠦ ᠠᠷᠭ᠎ᠠ ᠮᠠᠶ᠋ᠢᠭ ᠤᠨ ᠥᠭᠡᠷᠡᠴᠢᠯᠡᠯᠲᠡ ᠶᠢ ᠲᠦᠯᠬᠢᠨ ᠠᠬᠢᠭᠤᠯᠤᠨ᠎ᠠ᠃ | ︵ᠭᠤᠷᠪᠠ︶ ᠡᠮᠴᠢᠯᠡᠭᠡᠨ ᠤ ᠪᠠᠲᠤᠯᠠᠭ᠎ᠠ ᠶᠢᠨ ᠪᠠᠯᠠ ᠴᠤᠭᠯᠠᠭᠤᠯᠬᠤ ᠪᠠ ᠣᠯᠭᠤᠮᠵᠢ ᠶᠢᠨ ᠲᠥᠷᠥ ᠶᠢᠨ | ᠪᠣᠳᠣᠯᠭ᠎ᠠ ᠶᠢ ᠵᠣᠬᠢᠶᠠᠨ ᠪᠠᠶᠢᠭᠤᠯᠤᠨ ᠲᠤᠭᠤᠷᠪᠢᠵᠤ᠂ ᠬᠥᠳᠡᠯᠦᠩᠭᠦᠶ ᠲᠣᠬᠢᠷᠠᠭᠤᠯᠤᠯᠲᠠ ᠪᠠ ᠣᠷᠣᠨ ᠪᠦᠰᠡ ᠶᠢᠨ | ᠲᠣᠬᠢᠷᠠᠭᠤᠯᠤᠯᠲᠠ ᠶᠢᠨ ᠲᠡᠩᠴᠡᠭᠦᠷᠢ ᠶᠢᠨ ᠲᠣᠭᠲᠠᠴᠠ ᠶᠢ ᠲᠡᠭᠦᠯᠳᠡᠷᠵᠢᠭᠦᠯᠦᠨ᠂ ᠬᠤᠲᠠ ᠬᠥᠳᠡᠭᠡ ᠶᠢᠨ | ᠡᠮᠴᠢᠯᠡᠭᠡᠨ ᠤ ᠪᠠᠲᠤᠯᠠᠭ᠎ᠠ ᠶᠢᠨ ᠣᠯᠭᠤᠮᠵᠢ ᠶᠢᠨ ᠪᠠᠷᠢᠮᠵᠢᠶ᠎ᠠ ᠶᠢ ᠨᠢᠭᠡᠳᠦᠯᠲᠡᠶ ᠲᠥᠯᠥᠪᠯᠡᠵᠦ᠂ ᠪᠠᠯᠠ ᠴᠤᠭᠯᠠᠭᠤᠯᠬᠤ | ᠬᠢᠷᠢ ᠬᠡᠮᠵᠢᠶ᠎ᠡ ᠯᠦᠭᠡ ᠳᠣᠭᠢᠷᠠᠯᠴᠠᠭᠰᠠᠨ ᠣᠯᠭᠤᠮᠵᠢ ᠲᠣᠬᠢᠷᠠᠭᠤᠯᠬᠤ ᠲᠣᠭᠲᠠᠴᠠ ᠶᠢ ᠪᠠᠶᠢᠭᠤᠯᠤᠨ ᠪᠦᠷᠢᠨᠰᠢᠭᠦᠯᠦᠨ᠎ᠡ᠃ | ᠪᠦᠬᠦ ᠰᠢᠶᠠᠨ ᠤ ᠤᠷᠲᠤ ᠬᠤᠭᠤᠴᠠᠭᠠᠨ ᠤ ᠰᠤᠪᠢᠯᠠᠯᠲᠠ ᠶᠢᠨ ᠳᠠᠭᠠᠳᠬᠠᠯ ᠤᠨ ᠳᠦᠷᠢᠮ ᠤᠨ ᠥᠭᠡᠷᠡᠴᠢᠯᠡᠯᠲᠡ ᠶᠢᠨ | ᠲᠥᠰᠦᠯ ᠢ ᠵᠣᠬᠢᠶᠠᠨ ᠪᠠᠶᠢᠭᠤᠯᠤᠨ ᠲᠤᠭᠤᠷᠪᠢᠨ ᠲᠣᠭᠲᠠᠭᠠᠬᠤ ᠪᠥᠭᠡᠳ ᠬᠡᠷᠡᠭᠵᠢᠭᠦᠯᠦᠨ᠎ᠡ᠃ | ︵ᠳᠥᠷᠪᠡᠨ︶ ᠤᠯᠤᠰ ᠪᠠ ᠥᠪᠡᠷᠲᠡᠭᠡᠨ ᠵᠠᠰᠠᠬᠤ ᠣᠷᠣᠨ᠂ ᠠᠶᠢᠮᠠᠭ ᠤᠨ ᠲᠣᠭᠲᠠᠭᠠᠭᠰᠠᠨ ᠬᠤᠲᠠ | ᠬᠥᠳᠡᠭᠡ ᠶᠢᠨ ᠨᠢᠭᠡᠳᠦᠯᠲᠡᠶ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ᠂ ᠡᠮᠴᠢᠯᠡᠭᠡᠨ ᠤ | ᠦᠢᠯᠡᠴᠢᠯᠡᠭᠡ ᠶᠢᠨ ᠲᠥᠷᠥᠯ ᠵᠦᠢᠯ᠂ ᠡᠮᠴᠢᠯᠡᠭᠡᠨ ᠤ ᠦᠢᠯᠡᠴᠢᠯᠡᠭᠡ ᠶᠢᠨ ᠪᠡᠯᠡᠳᠬᠡᠮᠵᠢ ᠵᠡᠷᠭᠡ ᠡᠮᠴᠢᠯᠡᠭᠡᠨ ᠤ | ᠳᠠᠭᠠᠳᠬᠠᠯ ᠤᠨ ᠭᠠᠷᠴᠠᠭ ᠪᠠ ᠲᠣᠭᠠᠴᠠᠭ᠎ᠠ ᠬᠢᠬᠦ ᠪᠠᠷᠢᠮᠵᠢᠶ᠎ᠠ ᠶᠢ ᠲᠤᠤᠱᠯᠠᠭᠤᠯᠤᠨ ᠨᠠᠢᠳᠠᠪᠤᠷᠢᠵᠢᠭᠤᠯᠬᠤ᠂ | ᠬᠥᠳᠡᠯᠦᠩᠭᠦᠶ ᠲᠣᠬᠢᠷᠠᠭᠤᠯᠬᠤ ᠲᠣᠭᠲᠠᠴᠠ ᠶᠢ ᠪᠠᠶᠢᠭᠤᠯᠤᠨ᠂ ᠤᠯᠤᠰ ᠠᠴᠠ ᠡᠮᠴᠢᠯᠡᠭᠡᠨ ᠤ ᠳᠠᠭᠠᠳᠬᠠᠯ ᠤᠨ | ᠭᠠᠷᠴᠠᠭ ᠢ ᠵᠥᠪᠰᠢᠶᠡᠷᠡᠨ ᠣᠷᠣᠭᠤᠯᠬᠤ ᠶᠢᠨ ᠬᠡᠯᠡᠯᠴᠡᠭᠡᠷ ᠬᠢᠬᠦ ᠳᠦᠷᠢᠮ ᠢ ᠲᠤᠤᠱᠯᠠᠭᠤᠯᠤᠨ ᠬᠡᠷᠡᠭᠵᠢᠭᠦᠯᠦᠨ᠎ᠡ᠃ | ︵ᠲᠠᠪᠤ︶ ᠤᠯᠤᠰ ᠤᠨ ᠡᠮ ᠤᠨ ᠵᠦᠢᠯ᠂ ᠡᠮᠴᠢᠯᠡᠭᠡᠨ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠤᠨ ᠦᠨ᠎ᠡ | ᠬᠠᠩᠰᠢ ᠶᠢᠨ ᠲᠥᠷᠥ ᠶᠢᠨ ᠪᠣᠳᠣᠯᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠡᠮᠴᠢᠯᠡᠭᠡ ᠶᠢᠨ | ᠦᠢᠯᠡᠴᠢᠯᠡᠭᠡᠨ ᠤ ᠲᠥᠷᠥᠯ ᠵᠦᠢᠯ᠂ ᠡᠮᠴᠢᠯᠡᠭᠡ ᠶᠢᠨ ᠦᠢᠯᠡᠴᠢᠯᠡᠭᠡᠨ ᠤ ᠪᠡᠯᠡᠳᠬᠡᠮᠵᠢ ᠶᠢᠨ ᠰᠦᠶ᠋ᠳᠬᠡᠯ ᠬᠤᠷᠢᠶᠠᠬᠤ | ᠵᠡᠷᠭᠡ ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ ᠲᠣᠭᠲᠠᠭᠠᠵᠤ᠂ ᠡᠮ ᠡᠮᠨᠡᠯᠭᠡ ᠶᠢᠨ ᠳᠠᠭᠠᠳᠬᠠᠯ ᠤᠨ | ᠲᠣᠭᠠᠴᠠᠭ᠎ᠠ ᠬᠢᠬᠦ ᠡᠮ ᠡᠮᠨᠡᠯᠭᠡ ᠶᠢᠨ ᠦᠢᠯᠡᠴᠢᠯᠡᠭᠡᠨ ᠤ ᠦᠨ᠎ᠡ ᠬᠠᠩᠰᠢ ᠶᠢ ᠵᠦᠶ ᠵᠣᠬᠢᠰᠲᠠᠶ ᠲᠣᠭᠲᠠᠭᠠᠬᠤ ᠪᠠ | ᠬᠥᠳᠡᠯᠦᠩᠭᠦᠶ ᠪᠠᠷ ᠳᠣᠭᠢᠷᠠᠭᠤᠯᠬᠤ ᠲᠣᠭᠲᠠᠴᠠ ᠶᠢ ᠪᠠᠶᠢᠭᠤᠯᠤᠨ᠂ ᠵᠠᠬ᠎ᠠ ᠳᠡᠯᠭᠡᠭᠦᠷ ᠢᠶᠠᠷ ᠭᠤᠤᠯ ᠤᠳᠤᠷᠢᠳᠤᠮᠵᠢ | ᠪᠣᠯᠭᠠᠭᠰᠠᠨ ᠨᠡᠶᠢᠭᠡᠮ ᠤᠨ ᠡᠮ ᠡᠮᠨᠡᠯᠭᠡ ᠶᠢᠨ ᠦᠢᠯᠡᠴᠢᠯᠡᠭᠡᠨ ᠤ ᠦᠨ᠎ᠡ ᠬᠠᠩᠰᠢ ᠶᠢᠨ ᠪᠣᠶ ᠪᠣᠯᠬᠤ ᠲᠣᠭᠲᠠᠴᠠ ᠶᠢ | ᠪᠠᠶᠢᠭᠤᠯᠬᠤ ᠶᠢ ᠠᠬᠢᠭᠤᠯᠵᠤ᠂ ᠦᠨ᠎ᠡ ᠬᠠᠩᠰᠢ ᠶᠢᠨ ᠮᠡᠳᠡᠭᠡ ᠵᠠᠩᠭᠢ ᠶᠢ ᠬᠢᠨᠠᠨ ᠰᠢᠨᠵᠢᠬᠦ ᠪᠠ ᠮᠡᠳᠡᠭᠡ ᠵᠠᠩᠭᠢ | ᠨᠡᠶᠢᠲᠡᠯᠡᠬᠦ ᠲᠦᠷᠢᠮ ᠢ ᠪᠠᠶᠢᠭᠤᠯᠤᠨ᠎ᠠ᠃ | ︵ᠵᠢᠷᠭᠤᠭ᠎ᠠ︶ ᠪᠦᠬᠦ ᠰᠢᠶᠠᠨ ᠤ ᠡᠮ ᠤᠨ ᠵᠦᠢᠯ᠂ ᠡᠮᠨᠡᠯᠭᠡ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠢ | ᠳᠠᠭᠠᠭᠠᠴᠢᠯᠠᠯᠲᠠ ᠵᠠᠷᠯᠠᠨ ᠬᠤᠳᠠᠯᠳᠤᠨ ᠠᠪᠬᠤ᠂ ᠲᠣᠬᠢᠷᠠᠭᠤᠯᠤᠨ ᠬᠦᠷᠭᠡᠬᠦ ᠵᠢᠴᠢ ᠳ᠋᠊ ᠥᠩᠨᠡᠨ ᠪᠣᠳᠣᠬᠤ | ᠬᠠᠮᠢᠶᠠᠷᠤᠯᠲᠠ ᠶᠢᠨ ᠲᠥᠷᠥ ᠶᠢᠨ ᠪᠣᠳᠣᠯᠭ᠎ᠠ ᠶᠢ ᠲᠣᠭᠲᠠᠭᠠᠬᠤ ᠶᠢᠨ ᠬᠠᠮᠲᠤ ᠬᠢᠨᠠᠯᠲᠠ ᠲᠠᠯᠪᠢᠨ ᠬᠡᠷᠡᠭᠵᠢᠭᠦᠯᠵᠦ᠂ | ᠡᠮ ᠤᠨ ᠵᠦᠢᠯ᠂ ᠡᠮᠨᠡᠯᠭᠡ ᠳᠤ ᠬᠡᠷᠡᠭᠯᠡᠬᠦ ᠬᠤᠷᠣᠭᠳᠠᠯ ᠮᠠᠲ᠋ᠧᠷᠢᠶᠠᠯ ᠤᠨ ᠳᠠᠭᠠᠭᠠᠴᠢᠯᠠᠯᠲᠠ ᠵᠠᠷᠯᠠᠨ ᠬᠤᠳᠠᠯᠳᠤᠨ | ᠠᠪᠬᠤ ᠲᠠᠪᠴᠠᠩ ᠤᠨ ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠃ | ︵ᠳᠣᠯᠤᠭ᠎ᠠ︶ ᠴᠢᠭ ᠲᠣᠭᠲᠠᠭᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠶᠢᠨ ᠬᠡᠯᠡᠯᠴᠡᠭᠡᠷ ᠪᠠ ᠥᠭᠬᠦ | ᠬᠠᠮᠢᠶᠠᠷᠤᠯᠲᠠ ᠶᠢᠨ ᠠᠷᠭ᠎ᠠ ᠶᠢ ᠲᠣᠭᠲᠠᠭᠠᠬᠤ ᠶᠢᠨ ᠬᠠᠮᠲᠤ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠮᠴᠢᠯᠡᠭᠡᠨ ᠤ | ᠪᠠᠲᠤᠯᠠᠭ᠎ᠠ ᠶᠢᠨ ᠢᠲᠡᠭᠡᠮᠵᠢ ᠶᠢᠨ ᠦᠨᠡᠯᠡᠬᠦ ᠰᠢᠰᠲ᠋ᠧᠮᠵᠢ ᠪᠠ ᠮᠡᠳᠡᠭᠡ ᠵᠠᠩᠭᠢ ᠨᠡᠶᠢᠲᠡᠯᠡᠬᠦ ᠳᠦᠷᠢᠮ ᠢ ᠪᠠᠶᠢᠭᠤᠯᠤᠨ | ᠪᠦᠷᠢᠨᠰᠢᠭᠦᠯᠵᠦ᠂ ᠡᠮᠴᠢᠯᠡᠭᠡᠨ ᠤ ᠳᠠᠭᠠᠳᠬᠠᠯ ᠤᠨ ᠬᠡᠪᠴᠢᠶᠡᠨ ᠳᠤ ᠣᠷᠣᠭᠤᠯᠤᠭᠰᠠᠨ ᠡᠮᠴᠢᠯᠡᠭᠡᠨ ᠤ | ᠦᠢᠯᠡᠴᠢᠯᠡᠭᠡᠨ ᠤ ᠦᠢᠯᠡ ᠠᠵᠢᠯᠯᠠᠭ᠎ᠠ ᠪᠠ ᠡᠮᠴᠢᠯᠡᠭᠡᠨ ᠤ ᠵᠠᠷᠤᠳᠠᠯ ᠢ ᠬᠢᠨᠠᠨ ᠬᠠᠮᠢᠶᠠᠷᠴᠤ᠂ ᠡᠮᠴᠢᠯᠡᠭᠡᠨ ᠤ | ᠪᠠᠲᠤᠯᠠᠭ᠎ᠠ ᠶᠢᠨ ᠬᠦᠷᠢᠶᠡᠨ ᠳᠠᠬᠢ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠠᠤᠯᠢ | ᠲᠣᠭᠲᠠᠭᠠᠯ ᠶᠣᠰᠣᠭᠠᠷ ᠪᠠᠶᠢᠴᠠᠭᠠᠨ ᠰᠢᠶ᠋ᠳᠪᠦᠷᠢᠯᠡᠨ᠎ᠡ᠃ | ᠨᠠᠶ᠋ᠮᠠ ᠡᠮ ᠡᠮᠨᠡᠯᠭᠡ ᠶᠢᠨ ᠪᠠᠲᠤᠯᠠᠭ᠎ᠠ ᠶᠢᠨ ᠭᠠᠷᠳᠠᠨ ᠬᠢᠬᠦ ᠬᠠᠮᠢᠶᠠᠷᠤᠯᠲᠠ ᠪᠣᠯᠤᠨ ᠣᠯᠠᠨ ᠨᠡᠶᠢᠲᠡ ᠶᠢᠨ | ᠦᠢᠯᠡᠴᠢᠯᠡᠭᠡᠨ ᠤ ᠰᠢᠰᠲ᠋ᠧᠮᠵᠢ᠂ ᠮᠡᠳᠡᠭᠡ ᠵᠠᠩᠭᠢᠴᠢᠯᠠᠬᠤ ᠪᠠᠶᠢᠭᠤᠯᠤᠯᠲᠠ ᠶᠢ ᠬᠠᠷᠢᠭᠤᠴᠠᠨ᠎ᠠ᠃ ᠤᠨᠳᠤᠤ ᠭᠠᠵᠠᠷ ᠲᠤ | ᠡᠮᠨᠡᠭᠦᠯᠬᠦ ᠶᠢ ᠬᠠᠮᠢᠶᠠᠷᠬᠤ ᠪᠠ ᠵᠠᠷᠤᠳᠠᠯ ᠢ ᠳ᠋ᠦᠩᠨᠡᠨ ᠪᠤᠳᠤᠬᠤ ᠲᠥᠷᠥ ᠶᠢᠨ ᠪᠣᠳᠣᠯᠭ᠎ᠠ ᠶᠢ ᠵᠣᠬᠢᠶᠠᠨ ᠪᠠᠶᠢᠭᠤᠯᠤᠨ | ᠬᠡᠷᠡᠭᠵᠢᠭᠦᠯᠬᠦ ᠪᠠ ᠲᠡᠭᠦᠯᠳᠡᠷᠵᠢᠭᠦᠯᠬᠦ ᠬᠡᠷᠡᠭᠲᠡᠶ᠃ ᠡᠮᠴᠢᠯᠡᠭᠡᠨ ᠤ ᠪᠠᠲᠤᠯᠠᠭ᠎ᠠ ᠶᠢᠨ ᠬᠠᠷᠢᠴᠠᠭ᠎ᠠ ᠶᠢ ᠰᠢᠯᠵᠢᠭᠦᠯᠦᠨ | ᠦᠷᠭᠦᠯᠵᠢᠯᠡᠭᠦᠯᠬᠦ ᠳᠦᠷᠢᠮ ᠢ ᠪᠠᠶᠢᠭᠤᠯᠤᠨ ᠪᠦᠷᠢᠨᠰᠢᠭᠦᠯᠦᠨ᠎ᠡ᠃ | ︵ᠶᠢᠰᠦ︶ ᠰᠢᠶᠠᠨ ᠤ ᠨᠠᠮ ᠤᠨ ᠬᠤᠷᠢᠶ᠎ᠠ᠂ ᠰᠢᠶᠠᠨ ᠤ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ | ᠡᠭᠦᠷᠭᠡ ᠶᠢ ᠪᠡᠶᠡᠯᠡᠭᠦᠯᠦᠨ᠎ᠡ᠃ | ︵ᠠᠷᠪᠠ︶ ᠡᠭᠦᠷᠭᠡ ᠴᠢᠳᠠᠪᠤᠷᠢ ᠪᠠᠨ ᠬᠤᠪᠢᠷᠠᠭᠤᠯᠬᠤ᠃ ᠰᠢᠶᠠᠨ ᠤ ᠡᠮ ᠡᠮᠨᠡᠯᠭᠡ ᠶᠢᠨ ᠪᠠᠲᠤᠯᠠᠭ᠎ᠠ ᠶᠢᠨ | ᠲᠣᠪᠴᠢᠶ᠎ᠠ ᠨᠢ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠦᠨᠳᠦᠰᠦᠨ ᠳᠠᠭᠠᠳᠬᠠᠯ ᠤᠨ | ᠨᠢᠭᠡᠳᠦᠯᠲᠡᠶ ᠳᠦᠷᠢᠮ᠂ ᠬᠦᠨᠳᠦ ᠡᠪᠡᠳᠴᠢᠨ ᠤ ᠳᠠᠭᠠᠳᠬᠠᠯ ᠤᠨ ᠳᠦᠷᠢᠮ ᠪᠠ ᠡᠮ ᠡᠮᠨᠡᠯᠭᠡ ᠶᠢᠨ ᠠᠪᠤᠷᠠᠨ | ᠲᠤᠰᠠᠯᠠᠬᠤ ᠳᠦᠷᠢᠮ ᠢ ᠲᠡᠭᠦᠯᠳᠡᠷᠵᠢᠭᠦᠯᠵᠦ᠂ ᠪᠦᠬᠦ ᠠᠷᠠᠳ ᠢ ᠬᠠᠮᠤᠷᠤᠭᠰᠠᠨ᠂ ᠬᠤᠲᠠ ᠬᠥᠳᠡᠭᠡ ᠶᠢ ᠨᠢᠭᠡᠳᠦᠯᠲᠡᠶ | ᠲᠥᠯᠥᠪᠵᠢᠭᠦᠯᠦᠭᠰᠡᠨ ᠣᠯᠠᠨ ᠳᠡᠰ ᠳᠠᠪᠬᠤᠷᠭ᠎ᠠ ᠪᠦᠬᠦᠢ ᠡᠮ ᠡᠮᠨᠡᠯᠭᠡ ᠶᠢᠨ ᠪᠠᠲᠤᠯᠠᠭ᠎ᠠ ᠶᠢᠨ ᠰᠢᠰᠲ᠋ᠧᠮ ᠢ | ᠪᠠᠶᠢᠭᠤᠯᠤᠨ ᠲᠡᠭᠦᠯᠳᠡᠷᠵᠢᠭᠦᠯᠵᠦ᠂ ᠡᠮ ᠡᠮᠨᠡᠯᠭᠡ ᠶᠢᠨ ᠪᠠᠲᠤᠯᠠᠭ᠎ᠠ ᠶᠢᠨ ᠬᠢᠷᠢ ᠲᠦᠪᠰᠢᠨ ᠢ ᠲᠠᠰᠤᠷᠠᠯᠲᠠ ᠦᠭᠡᠶ | ᠳᠡᠭᠡᠭᠰᠢᠯᠡᠭᠦᠯᠵᠦ᠂ ᠡᠮ ᠡᠮᠨᠡᠯᠭᠡ ᠶᠢᠨ ᠳᠠᠭᠠᠳᠬᠠᠯ ᠤᠨ ᠪᠡᠯᠡ ᠮᠥᠩᠭᠦ ᠶᠢ ᠵᠦᠢ ᠵᠣᠬᠢᠰᠲᠠᠶ ᠬᠡᠷᠡᠭᠯᠡᠬᠦ᠂ ᠠᠮᠤᠷ | ᠲᠦᠪᠰᠢᠨ ᠢ ᠡᠵᠡᠮᠳᠡᠵᠦ ᠪᠣᠯᠬᠤ ᠶᠢ ᠦᠨᠡᠨ ᠬᠦ ᠪᠠᠲᠤᠯᠠᠵᠤ᠂ ᠡᠮ ᠡᠮᠨᠡᠯᠭᠡ᠂ ᠡᠮ ᠡᠮᠨᠡᠯᠭᠡ ᠶᠢᠨ ᠳᠠᠭᠠᠳᠬᠠᠯ᠂ | ᠡᠮᠴᠢᠯᠡᠭᠡ ᠭᠤᠷᠪᠠ ᠶᠢ ᠬᠤᠯᠪᠣᠯᠳᠤᠭᠤᠯᠬᠤ ᠥᠭᠡᠷᠡᠴᠢᠯᠡᠯᠲᠡ ᠶᠢ ᠠᠬᠢᠭᠤᠯᠵᠤ᠂ ᠠᠷᠠᠳ ᠣᠯᠠᠨ ᠤ ᠡᠪᠡᠳᠴᠢᠨ | ᠦᠵᠡᠭᠦᠯᠬᠦ ᠬᠡᠷᠡᠭᠴᠡᠭᠡ ᠶᠢ ᠨᠡᠩ ᠰᠠᠶᠢᠲᠤᠷ ᠪᠠᠲᠤᠯᠠᠵᠤ᠂ ᠡᠮ ᠡᠮᠨᠡᠯᠭᠡ ᠶᠢᠨ ᠵᠠᠷᠤᠳᠠᠯ ᠤᠨ ᠳᠠᠷᠤᠭᠠᠰᠤ ᠶᠢ | ᠬᠥᠩᠭᠡᠷᠡᠭᠦᠯᠬᠦ ᠬᠡᠷᠡᠭᠲᠡᠶ᠃ | ︵ᠠᠷᠪᠠᠨ ᠨᠢᠭᠡ︶ ᠬᠤᠯᠪᠣᠭᠳᠠᠯ ᠪᠦᠬᠦᠢ ᠡᠭᠦᠷᠭᠡ ᠬᠠᠷᠢᠭᠤᠴᠠᠯᠭ᠎ᠠ ᠶᠢᠨ ᠬᠤᠪᠢᠶᠠᠷᠢᠯᠠᠯ᠃ ᠰᠢᠶᠠᠨ ᠤ ᠡᠷᠡᠭᠦᠯ | ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠲᠠᠢ ᠬᠤᠯᠪᠣᠭᠳᠠᠯ ᠪᠦᠬᠦᠢ ᠲᠤᠰᠢᠶᠠᠯ ᠬᠠᠷᠢᠭᠤᠴᠠᠯᠭ᠎ᠠ ᠶᠢᠨ ᠠᠵᠢᠯ ᠤᠨ | ᠬᠤᠪᠢᠶᠠᠷᠢᠯᠠᠯ᠃ ᠰᠢᠶᠠᠨ ᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ᠂ ᠰᠢᠶᠠᠨ ᠤ ᠡᠮᠴᠢᠯᠡᠭᠡᠨ ᠤ | ᠪᠠᠲᠤᠯᠠᠭ᠎ᠠ ᠶᠢᠨ ᠲᠣᠪᠴᠢᠶ᠎ᠠ ᠵᠡᠷᠭᠡ ᠰᠠᠯᠠᠭ᠎ᠠ ᠮᠥᠴᠢᠷ ᠡᠮ ᠡᠮᠨᠡᠯᠭᠡ᠂ ᠡᠮᠴᠢᠯᠡᠭᠡᠨ ᠤ ᠳᠠᠭᠠᠳᠬᠠᠯ᠂ ᠡᠮ ᠡᠮᠨᠡᠯᠭᠡ | ᠵᠡᠷᠭᠡ ᠲᠠᠯ᠎ᠠ ᠪᠠᠷ ᠳᠦᠷᠢᠮ᠂ ᠲᠥᠷᠥ ᠶᠢᠨ ᠪᠣᠳᠣᠯᠭ᠎ᠠ ᠶᠢ ᠵᠣᠯᠭᠠᠭᠤᠯᠬᠤ ᠶᠢ ᠴᠢᠩᠭᠠᠳᠬᠠᠵᠤ᠂ ᠨᠡᠪᠲᠡᠷᠡᠯᠴᠡᠨ | ᠵᠥᠪᠳᠡᠯᠴᠡᠬᠦ ᠲᠣᠭᠲᠠᠴᠠ ᠶᠢ ᠪᠠᠶᠢᠭᠤᠯᠵᠤ᠂ ᠥᠭᠡᠷᠡᠴᠢᠯᠡᠯᠲᠡ ᠶᠢ ᠬᠠᠮᠵᠢᠯᠴᠠᠨ ᠠᠬᠢᠭᠤᠯᠵᠤ᠂ ᠡᠮᠴᠢᠯᠡᠭᠡᠨ ᠤ ᠡᠬᠢ | ᠪᠠᠶᠠᠯᠢᠭ ᠤᠨ ᠬᠡᠷᠡᠭᠯᠡᠯᠲᠡ ᠶᠢᠨ ᠦᠷ᠎ᠡ ᠪᠦᠲᠦᠮᠵᠢ ᠪᠠ ᠡᠮᠴᠢᠯᠡᠭᠡᠨ ᠤ ᠪᠠᠲᠤᠯᠠᠭ᠎ᠠ ᠶᠢᠨ ᠲᠦᠪᠰᠢᠨ ᠢ | ᠳᠡᠭᠡᠭᠰᠢᠯᠡᠭᠦᠯᠦᠨ᠎ᠡ᠃ |