ᠭᠤᠤᠯ ᠡᠭᠦᠷᠭᠡ ᠬᠠᠷᠢᠭᠤᠴᠠᠯᠭ᠎ᠠ᠄ | ︵ᠨᠢᠭᠡ ︶ ᠪᠥᠬᠦ ᠰᠢᠶᠠᠨ ᠤ ᠤᠢ ᠰᠢᠭᠤᠢ ᠵᠢᠴᠢ ᠠᠮᠢ ᠠᠬᠤᠢ ᠶᠢᠨ ᠪᠥᠲᠦᠭᠡᠨ ᠪᠠᠶᠢᠭᠤᠯᠦᠯᠲᠠ ᠳᠤ ᠬᠢᠨᠠᠯᠲᠠ | ᠲᠠᠯᠪᠢᠬᠤ ᠶᠢ ᠬᠠᠷᠢᠭᠤᠴᠠᠨ᠂ ᠤᠯᠤᠰ᠂ ᠥᠪᠡᠷᠳᠡᠭᠡᠨ ᠵᠠᠰᠠᠬᠤ ᠤᠷᠤᠨ ᠪᠤᠯᠤᠨ ᠬᠤᠲᠠ ᠶᠢᠨ ᠠᠮᠢ ᠠᠬᠤᠢ ᠤᠷᠴᠢᠨ | ᠲᠤᠭᠤᠷᠢᠨ ᠤ ᠪᠠᠶᠢᠭᠤᠯᠤᠯᠲᠠ᠂ ᠤᠢ ᠰᠢᠭᠤᠢ ᠶᠢᠨ ᠡᠬᠢ ᠪᠠᠶᠠᠯᠢᠭ ᠤᠨ ᠬᠠᠮᠭᠠᠯᠠᠯᠲᠠ ᠪᠤᠯᠤᠨ ᠣᠯᠣᠰ ᠤᠨ ᠭᠠᠵᠠᠷ | ᠰᠢᠷᠤᠢ ᠶᠢᠨ ᠨᠤᠭᠤᠭᠠᠷᠠᠭᠤᠯᠤᠯᠲᠠ ᠶᠢᠨ ᠬᠠᠮᠢᠶ᠎ᠠ ᠪᠦᠭᠦᠢ ᠴᠢᠭᠯᠡᠯᠲᠠ᠂ ᠲᠥᠷᠥ ᠶᠢᠨ ᠪᠤᠳᠤᠯᠭ᠎ᠠ᠂ ᠬᠠᠤᠯᠢ ᠴᠠᠭᠠᠵᠠ | ᠬᠠᠤᠯᠢ ᠲᠤᠬᠳᠠᠭᠠᠯ ᠢ ᠲᠤᠤᠱᠠᠯᠠᠭᠤᠯᠤᠨ ᠭᠡᠷᠩᠵᠢᠭᠦᠯᠦᠨ᠎ᠡ᠃ ᠪᠦᠭᠦ ᠰᠢᠶᠠᠨ ᠤ ᠤᠢ ᠰᠢᠭᠤᠢ ᠵᠢᠴᠢ ᠠᠮᠢ ᠠᠬᠤᠢ ᠶᠢᠨ | ᠪᠥᠲᠦᠭᠡᠨ ᠪᠠᠶᠢᠭᠤᠯᠦᠯᠲᠠ ᠶᠢᠨ ᠲᠥᠷᠦ ᠶᠢᠨ ᠪᠤᠳᠦᠯᠭ᠎ᠠ᠂ ᠬᠥᠭᠵᠢᠯᠲᠡ ᠶᠢᠨ ᠪᠠᠶᠢᠯᠳᠤᠬᠤ ᠪᠤᠳᠤᠯᠭ᠎ᠠ᠂ ᠳᠤᠮᠳᠠ | ᠤᠷᠲᠤ ᠬᠤᠭᠤᠴᠠᠭᠠᠨ ᠤ ᠲᠥᠯᠥᠪᠵᠢᠭᠦᠯᠭᠡ ᠶᠢ ᠨᠠᠶᠢᠷᠠᠭᠤᠯᠤᠨ ᠵᠤᠬᠢᠶᠠᠬᠤ ᠶᠢ ᠬᠠᠷᠢᠭᠤᠴᠠᠨ᠎ᠠ ︔ ᠣᠷᠣᠨ | ᠨᠤᠲᠤᠭ ᠤᠨ ᠴᠢᠨᠠᠷᠲᠠᠢ ᠬᠠᠮᠢᠶ᠎ᠠ ᠪᠦᠬᠦᠢ ᠲᠥᠷᠥ ᠶᠢᠨ ᠪᠤᠳᠤᠯᠭ᠎ᠠ ᠠᠷᠭ᠎ᠠ ᠠᠪᠴᠠᠯ᠂ ᠵᠠᠰᠠᠭ ᠤᠨ ᠤᠷᠳᠤᠨ ᠤ | ᠲᠥᠷᠢᠮ ᠲᠤᠬᠳᠠᠭᠠᠯ ᠢ ᠲᠤᠭᠤᠷᠪᠢᠬᠤ ᠶᠢᠨ ᠬᠠᠮᠲᠤ ᠬᠢᠨᠠᠯᠲᠠ ᠲᠠᠯᠪᠢᠵᠤ ᠬᠡᠷᠡᠭᠵᠢᠭᠦᠯᠦᠨ᠎ᠡ ︔ ᠪᠥᠬᠦ ᠰᠢᠶᠠᠨ ᠤ ᠤᠢ | ᠰᠢᠭᠤᠢ ᠶᠢᠨ ᠡᠬᠢ ᠪᠠᠶᠠᠯᠢᠭ᠂ ᠡᠬᠢ ᠬᠭᠤᠷᠠᠢ ᠶᠢᠨ ᠬᠡᠬᠡᠷ᠎ᠡ ᠶᠢᠨ ᠠᠮᠢᠲᠠᠨ ᠤᠷᠭᠤᠮᠠᠯ ᠤᠨ ᠡᠬᠢ ᠪᠠᠶᠠᠯᠢᠭ᠂ ᠨᠦᠢᠲᠠᠨ | ᠭᠠᠵᠠᠷ ᠪᠣᠯᠣᠨ ᠴᠦᠯ ᠭᠠᠵᠠᠷ ᠢ ᠪᠠᠶᠢᠴᠠᠭᠠᠬᠤ᠂ ᠬᠥᠳᠡᠯᠦᠩᠭᠦᠢ ᠪᠠᠶᠢᠳᠠᠯ ᠢ ᠬᠢᠨᠠᠨ ᠬᠡᠮᠵᠢᠬᠦ ᠪᠠ ᠦᠨᠡᠯᠡᠨ ᠵᠢᠱᠢᠬᠦ | ᠠᠵᠢᠯ ᠢ ᠵᠤᠬᠢᠶᠠᠨ ᠪᠠᠶᠢᠭᠤᠯᠤᠨ᠎ᠠ ︔ ᠪᠥᠬᠦ ᠰᠢᠶᠠᠨ ᠤ ᠤᠢ ᠰᠢᠭᠤᠢ ᠶᠢᠨ ᠠᠮᠢ ᠠᠬᠤᠢ ᠶᠢᠨ ᠪᠤᠯᠪᠠᠰᠤᠨ ᠤ | ᠪᠥᠲᠥᠭᠡᠨ ᠪᠠᠶᠢᠭᠤᠯᠤᠯᠲᠠ ᠶᠢᠨ ᠬᠤᠯᠪᠤᠭᠳᠠᠯ ᠪᠦᠬᠦᠢ ᠠᠵᠢᠯ ᠢ ᠡᠬᠦᠷᠭᠡᠯᠡᠨ᠎ᠡ᠃ | ︵ᠬᠤᠶᠠᠷ ︶ ᠪᠥᠬᠦ ᠰᠢᠶᠠᠨ ᠤ ᠣᠶᠢᠵᠢᠭᠤᠯᠤᠨ ᠨᠣᠭᠤᠭᠠᠷᠠᠭᠤᠯᠬᠤ ᠠᠵᠢᠯ ᠢ ᠵᠤᠬᠢᠶᠠᠨ ᠪᠠᠶᠢᠭᠤᠯᠵᠤ᠂ | ᠵᠣᠬᠢᠴᠠᠭᠤᠯᠵᠣ᠂ ᠵᠢᠯᠣᠭᠤᠳᠬᠤ᠂ ᠪᠥᠬᠦ ᠰᠢᠶᠠᠨ ᠤ ᠣᠶᠢᠵᠢᠭᠤᠯᠤᠨ ᠨᠣᠭᠤᠭᠠᠷᠠᠭᠤᠯᠬᠤ ᠠᠵᠢᠯ ᠤᠨ ᠵᠢᠯᠤᠭᠤᠳᠬᠤ | ᠴᠢᠨᠠᠷᠲᠠᠢ ᠲᠥᠯᠥᠪᠯᠡᠭᠡ ᠶᠢ ᠲᠤᠭᠲᠠᠭᠠᠵᠤ᠂ ᠪᠠᠷᠢᠮᠵᠢᠶ᠎ᠠ ᠪᠠ ᠳᠥᠷᠢᠮ ᠢ ᠲᠣᠭᠤᠷᠪᠢᠨ ᠲᠣᠭᠲᠠᠭᠠᠬᠤ ᠶᠢᠨ ᠬᠠᠮᠲᠤ | ᠬᠢᠨᠠᠯᠲᠠ ᠲᠠᠯᠪᠢᠵᠤ ᠬᠡᠷᠡᠭᠵᠢᠭᠦᠯᠦᠨ᠎ᠡ ︔ ᠡᠯ᠎ᠡ ᠲᠥᠷᠦᠯ ᠤᠨ ᠨᠡᠶᠢᠲᠡ ᠶᠢᠨ ᠠᠰᠠᠷᠠᠮᠵᠢ ᠶᠢᠨ ᠤᠢ ᠪᠠ ᠲᠠᠸᠠᠷ ᠤᠨ | ᠤᠢ ᠶᠢᠨ ᠪᠤᠶᠢᠵᠢᠭᠤᠯᠲᠠ ᠶᠢ ᠵᠢᠯᠤᠭᠤᠳᠴᠤ᠂ ᠮᠤᠳᠤ ᠲᠠᠷᠢᠵᠤ ᠤᠶᠢᠵᠢᠭᠤᠯᠬᠤ᠂ ᠠᠭᠤᠯᠠ ︵ᠡᠯᠡᠰᠦ ︶ ᠶᠢ | ᠪᠢᠲᠡᠭᠦᠮᠵᠢᠯᠡᠨ ᠣᠶᠢᠵᠢᠭᠤᠯᠬᠤ ᠪᠠ ᠮᠤᠳᠤ ᠡᠪᠡᠰᠦ ᠲᠠᠷᠢᠬᠤ ᠵᠡᠷᠭᠡ ᠠᠮᠢᠳᠤ ᠪᠤᠳᠠᠰ ᠤᠨ ᠠᠷᠭ᠎ᠠ ᠬᠡᠮᠵᠢᠶ᠎ᠡ ᠪᠠᠷ ᠤᠰᠤ | ᠰᠢᠷᠤᠢ ᠶᠢᠨ ᠢᠳᠡᠭᠳᠡᠯ ᠢ ᠰᠡᠷᠭᠡᠶᠢᠯᠡᠨ ᠵᠠᠰᠠᠬᠤ ᠠᠵᠢᠯ ᠢ ᠵᠢᠭᠠᠨ ᠵᠢᠯᠤᠭᠤᠳᠤᠨ᠎ᠠ ︔ ᠪᠥᠬᠦ ᠰᠢᠶᠠᠨ ᠤ ᠤᠯᠤᠰ ᠤᠨ | ᠥᠮᠴᠢᠯᠡᠯ ᠤᠨ ᠤᠢ ᠰᠢᠭᠤᠢ ᠶᠢᠨ ᠲᠠᠯᠠᠪᠠᠢ ︵ᠴᠢᠬᠢ ᠮᠤᠳᠤᠨ ᠤ ᠬᠦᠷᠢᠶᠡᠯᠡᠩ ︶᠂ ᠤᠢ ᠶᠢᠨ ᠴᠡᠴᠡᠷᠯᠢᠭ ᠵᠢᠴᠢ | ᠦᠨᠳᠦᠰᠦᠨ ᠱᠠᠲᠤᠨ ᠤ ᠤᠢ ᠰᠢᠭᠤᠢ ᠶᠢᠨ ᠦᠷᠳᠡᠭᠡ ᠶᠢᠨ ᠪᠥᠲᠦᠭᠡᠨ ᠪᠠᠶᠢᠭᠤᠯᠤᠯᠲᠠ ᠪᠠ ᠬᠠᠮᠢᠶᠠᠷᠤᠯᠲᠠ ᠶᠢ ᠵᠢᠭᠠᠨ | ᠵᠢᠯᠤᠭᠤᠳᠤᠨ᠎ᠠ ︔ ᠤᠢ ᠰᠢᠭᠤᠢ ᠶᠢᠨ ᠠᠭᠤᠷ ᠠᠮᠢᠰᠬᠤᠯ ᠤᠨ ᠬᠤᠪᠢᠷᠠᠯᠲᠠ ᠶᠢ ᠠᠷᠭᠠᠴᠠᠭᠠᠬᠤ ᠬᠠᠮᠢᠶ᠎ᠠ ᠪᠦᠬᠦᠢ | ᠠᠵᠢᠯ ᠢ ᠡᠭᠦᠷᠭᠡᠯᠡᠨ᠎ᠡ ︔ ᠰᠢᠶᠠᠨ ᠤ ᠨᠣᠭᠤᠭᠠᠷᠠᠭᠤᠯᠬᠤ ᠵᠦᠪᠯᠡᠯ ᠤᠨ ᠪᠤᠲᠠᠲᠠᠢ ᠠᠵᠢᠯ ᠢ ᠳᠠᠭᠠᠭᠠᠵᠤ ᠬᠢᠨ᠎ᠡ᠃ ︵ | ᠭᠤᠷᠪᠠ ︶ ᠪᠥᠬᠦ ᠰᠢᠶᠠᠨ ᠤ ᠤᠢ ᠰᠢᠭᠤᠢ ᠶᠢᠨ ᠡᠬᠢ ᠪᠠᠶᠠᠯᠢᠭ ᠢ ᠬᠠᠮᠠᠭᠠᠯᠠᠬᠤ ᠬᠥᠭᠵᠢᠭᠦᠯᠬᠦ ᠬᠢᠨᠠᠨ ᠬᠠᠮᠢᠶᠠᠷᠬᠤ | ᠬᠠᠷᠢᠭᠤᠴᠠᠯᠭ᠎ᠠ ᠶᠢ ᠡᠭᠦᠷᠭᠡᠯᠡᠵᠤ᠂ ᠤᠶᠢᠳᠤ ᠭᠠᠵᠠᠷ ᠢ ᠬᠠᠮᠠᠭᠠᠯᠠᠨ ᠠᠰᠢᠭᠯᠠᠬᠤ ᠲᠥᠯᠥᠪᠵᠢᠭᠦᠯᠭᠡ ᠶᠢ ᠲᠣᠭᠤᠷᠪᠢᠨ | ᠲᠣᠭᠲᠠᠭᠠᠬᠤ ᠶᠢᠨ ᠬᠠᠮᠲᠤ ᠵᠢᠯᠤᠭᠤᠳᠤᠨ ᠬᠡᠷᠡᠭᠵᠢᠭᠦᠯᠦᠨ᠎ᠡ ︔ ᠪᠦᠭᠦ ᠰᠢᠶᠠᠨ ᠤ ᠤᠢ ᠰᠢᠭᠤᠢ ᠶᠢᠨ ᠡᠬᠢ | ᠪᠠᠶᠠᠯᠢᠭ ᠤᠨ ᠪᠠᠶᠢᠴᠠᠭᠠᠯᠲᠠ᠂ ᠪᠠᠶᠢᠳᠠᠯ ᠢ ᠬᠢᠨᠠᠨ ᠬᠡᠮᠵᠢᠬᠦ ᠪᠤᠯᠤᠨ ᠪᠦᠷᠢᠳᠭᠡᠭᠦ ᠶᠢ ᠵᠤᠬᠢᠶᠠᠨ ᠪᠠᠶᠢᠭᠤᠯᠤᠨ᠎ᠠ᠃ ᠪᠥᠬᠦ | ᠰᠢᠶᠠᠨ ᠤ ᠤᠢ ᠰᠢᠭᠤᠢ ᠶᠢ ᠤᠭᠲᠤᠯᠬᠤ ᠲᠤᠭ᠎ᠠ ᠬᠢᠵᠠᠭᠠᠷ ᠢ ᠨᠠᠶᠢᠷᠠᠭᠤᠯᠤᠨ ᠵᠣᠬᠢᠶᠠᠬᠤ ᠶᠢᠨ ᠬᠠᠮᠲᠤ ᠬᠠᠮᠢᠶ᠎ᠠ ᠪᠦᠭᠦᠢ | ᠲᠤᠬᠳᠠᠭᠠᠯ ᠶᠤᠰᠤᠭᠠᠷ ᠵᠦᠪᠰᠢᠶᠠᠷᠡᠭᠦᠯᠦᠭᠰᠡᠨ ᠤ ᠲᠠᠷᠠᠭ᠎ᠠ ᠬᠢᠨᠠᠯᠲᠠ ᠲᠠᠯᠪᠢᠨ ᠬᠡᠷᠩᠵᠢᠬᠦᠯᠦᠨ᠎ᠡ᠃ ᠤᠢ ᠮᠣᠳᠤ ᠶᠢ | ᠬᠡᠷᠡᠴᠢ ᠪᠠᠷᠢᠮᠲᠠ ᠲᠠᠢ ᠪᠠᠷ ᠤᠭᠲᠤᠯᠬᠤ᠂ ᠲᠡᠭᠡᠭᠡᠪᠦᠷᠢᠯᠡᠬᠦ ᠶᠢ ᠬᠢᠨᠠᠨ ᠪᠠᠶᠢᠴᠠᠭᠠᠵᠤ᠂ ᠣᠶᠢᠲᠤ ᠭᠠᠵᠠᠷ᠂ ᠤᠢ | ᠮᠤᠳᠤᠨ ᠤ ᠡᠷᠬᠡ ᠶᠢᠨ ᠬᠠᠮᠢᠶᠠᠷᠤᠯᠲᠠ ᠶᠢ ᠵᠤᠬᠢᠶᠠᠨ ᠪᠠᠶᠢᠭᠤᠯᠬᠤ ᠪᠠ ᠵᠢᠯᠤᠭᠤᠳᠤᠨ᠎ᠠ ︔ ᠤᠢ ᠮᠣᠳᠣᠨ ᠤ | ᠡᠷᠬᠡ ᠶᠢᠨ ᠳᠠᠩᠰᠠᠯᠠᠨ ᠲᠡᠮᠳᠡᠭᠯᠡᠬᠦ᠂ ᠦᠨᠡᠮᠯᠡᠯ ᠣᠯᠭᠤᠬᠤ ᠠᠵᠢᠯ ᠢ ᠵᠤᠬᠢᠶᠠᠨ ᠪᠠᠶᠢᠭᠤᠯᠤᠨ ᠬᠡᠷᠡᠭᠵᠢᠭᠦᠯᠦᠨ᠎ᠡ ︔ | ᠪᠦᠭᠦ ᠰᠢᠶᠠᠨ ᠤ ᠣᠶᠢᠲᠣ ᠭᠠᠵᠠᠷ ᠢ ᠲᠠᠲᠠᠪᠤᠷᠢᠯᠠᠨ ᠬᠡᠷᠡᠭᠯᠡᠬᠦ᠂ ᠡᠵᠡᠯᠡᠨ ᠬᠡᠷᠡᠭᠯᠡᠬᠦ ᠶᠠᠪᠤᠳᠠᠯ ᠢ ᠬᠠᠤᠯᠢ ᠶᠤᠰᠤᠭᠠᠷ | ᠠᠩᠬ᠎ᠠ ᠬᠢᠨᠠᠬᠤ ᠠᠵᠢᠯ ᠢ ᠡᠭᠦᠷᠭᠡᠯᠡᠨ᠎ᠡ᠃ | ︵ᠳᠦᠷᠪᠡ ︶ ᠪᠥᠬᠦ ᠰᠢᠶᠠᠨ ᠤ ᠨᠦᠢᠲᠠᠨ ᠭᠠᠵᠠᠷ ᠤᠨ ᠬᠠᠮᠠᠭᠠᠯᠠᠯᠲᠠ ᠶᠢᠨ ᠠᠵᠢᠯ ᠢ ᠵᠤᠬᠢᠶᠠᠨ ᠪᠠᠶᠢᠭᠤᠯᠵᠤ᠂ | ᠵᠣᠬᠢᠴᠠᠭᠤᠯᠵᠣ᠂ ᠵᠢᠯᠣᠭᠤᠳᠬᠤ ᠪᠠ ᠬᠢᠨᠠᠯᠲᠠ ᠲᠠᠯᠪᠢᠵᠤ᠂ ᠪᠥᠬᠦ ᠰᠢᠶᠠᠨ ᠤ ᠨᠦᠢᠲᠠᠨ ᠭᠠᠵᠠᠷ ᠤᠨ | ᠬᠠᠮᠠᠭᠠᠯᠠᠯᠲᠠ ᠶᠢᠨ ᠲᠥᠯᠥᠪᠵᠢᠭᠦᠯᠭᠡ ᠶᠢ ᠲᠣᠭᠤᠷᠪᠢᠨ ᠲᠣᠭᠲᠠᠭᠠᠬᠤ ᠶᠢᠨ ᠬᠠᠮᠲᠤ ᠵᠤᠬᠢᠶᠠᠨ ᠪᠠᠶᠢᠭᠤᠯᠤᠨ | ᠬᠡᠷᠡᠭᠵᠢᠭᠦᠯᠦᠨ᠎ᠡ ︔ ᠨᠦᠢᠲᠠᠨ ᠭᠠᠵᠠᠷ ᠢ ᠵᠦᠢ ᠵᠣᠬᠢᠰᠲᠠᠢ ᠠᠰᠢᠭᠯᠠᠬᠤ ᠳᠤ ᠬᠢᠨᠠᠯᠲᠠ ᠲᠠᠯᠪᠢᠵᠤ᠂ ᠨᠦᠢᠲᠠᠨ | ᠭᠠᠵᠠᠷ ᠤᠨ ᠬᠠᠮᠠᠭᠠᠯᠠᠯᠲᠠ ᠶᠢᠨ ᠲᠤᠭᠤᠷᠢᠭ᠂ ᠨᠦᠢᠲᠠᠨ ᠭᠠᠵᠠᠷ ᠤᠨ ᠴᠡᠴᠡᠷᠯᠢᠭ ᠪᠠᠶᠢᠭᠤᠯᠬᠤ ᠵᠡᠷᠭᠡ ᠬᠠᠮᠠᠭᠠᠯᠠᠨ | ᠬᠠᠮᠢᠶᠠᠷᠬᠤ ᠠᠵᠢᠯ ᠢ ᠵᠤᠬᠢᠶᠠᠨ ᠪᠠᠶᠢᠭᠤᠯᠤᠨ ᠬᠡᠷᠡᠭᠵᠢᠭᠦᠯᠦᠨ᠎ᠡ ︔ ᠳᠡᠯᠡᠬᠡᠢ ᠶᠢᠨ ᠨᠦᠢᠲᠠᠨ ᠭᠠᠵᠠᠷ ᠤᠨ ᠬᠠᠮᠢᠶ᠎ᠠ | ᠪᠦᠬᠦᠢ ᠨᠡᠶᠢᠲᠡ ᠶᠢᠨ ᠭᠡᠷ᠎ᠡ ᠶᠢ ᠬᠦᠢᠴᠡᠳᠭᠡᠬᠦ ᠠᠵᠢᠯ ᠢ ᠵᠤᠬᠢᠶᠠᠨ ᠪᠠᠶᠢᠭᠤᠯᠤᠨ ᠵᠣᠬᠢᠴᠠᠭᠤᠯᠣᠨ᠎ᠠ᠃ | ︵ᠲᠠᠪᠤ ︶ ᠪᠥᠬᠦ ᠰᠢᠶᠠᠨ ᠤ ᠡᠯᠡᠰᠦᠷᠬᠡᠭᠵᠢᠬᠦ ᠶᠢ ᠰᠡᠷᠭᠡᠶᠢᠯᠡᠨ ᠵᠠᠰᠠᠬᠤ ᠠᠵᠢᠯ ᠢ ᠵᠤᠬᠢᠶᠠᠨ ᠪᠠᠶᠢᠭᠤᠯᠬᠤ᠂ | ᠵᠤᠬᠢᠴᠠᠭᠤᠯᠬᠤ᠂ ᠵᠢᠯᠣᠭᠤᠳᠬᠤ ᠪᠠ ᠬᠢᠨᠠᠯᠲᠠ ᠲᠠᠯᠪᠢᠵᠤ᠂ ᠪᠥᠬᠦ ᠰᠢᠶᠠᠨ ᠤ ᠡᠯᠡᠰᠦ ᠶᠢ ᠰᠡᠷᠭᠡᠶᠢᠯᠡᠨ ᠵᠠᠰᠠᠬᠤ᠂ | ᠡᠯᠡᠰᠤᠷᠬᠡᠭᠵᠢᠭᠰᠡᠨ ᠭᠠᠵᠠᠷ ᠰᠢᠷᠤᠢ ᠶᠢ ᠪᠢᠲᠡᠭᠦᠮᠵᠢᠯᠡᠨ ᠬᠠᠮᠠᠭᠠᠯᠠᠬᠤ ᠤᠷᠤᠨ ᠤ ᠪᠥᠲᠦᠭᠡᠨ ᠪᠠᠶᠢᠭᠤᠯᠤᠯᠲᠠ ᠶᠢᠨ | ᠲᠥᠯᠥᠪᠵᠢᠭᠦᠯᠭᠡ ᠶᠢ ᠲᠣᠭᠤᠷᠪᠢᠨ ᠲᠣᠭᠲᠠᠭᠠᠵᠤ᠂ ᠡᠯᠡᠰᠤᠷᠬᠡᠭᠵᠢᠭᠰᠡᠨ ᠭᠠᠵᠠᠷ ᠰᠢᠷᠤᠢ ᠶᠢ ᠵᠦᠢ ᠵᠣᠬᠢᠰᠲᠠᠢ ᠪᠠᠷ | ᠠᠰᠢᠭᠯᠠᠬᠤ ᠳᠤ ᠬᠢᠨᠠᠯᠲᠠ ᠲᠠᠯᠪᠢᠨ᠎ᠠ ︔ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠨᠢ ᠭᠠᠵᠠᠷ ᠰᠢᠷᠤᠢ ᠶᠢ | ᠡᠯᠡᠰᠤᠷᠬᠡᠭᠵᠢᠬᠦᠯᠬᠦ ᠨᠦᠯᠤᠭᠡ ᠶᠢ ᠬᠢᠨᠠᠨ ᠰᠢᠯᠭᠠᠬᠤ ᠶᠢ ᠵᠣᠬᠢᠶᠠᠨ ᠪᠠᠶᠢᠭᠤᠯᠤᠨ ᠵᠢᠯᠤᠭᠤᠳᠴᠤ᠂ ᠡᠯᠡᠰᠦᠨ | ᠰᠢᠭᠤᠷᠭ᠎ᠠ ᠶᠢᠨ ᠭᠠᠢ ᠭᠠᠮᠰᠢᠭ ᠢ ᠤᠷᠢᠳᠴᠢᠯᠠᠨ ᠲᠥᠰᠦᠭᠡᠯᠡᠵᠦ ᠮᠡᠳᠡᠭᠡᠯᠡᠬᠦ ᠪᠠ ᠪᠠᠴᠢᠮ ᠪᠠᠶᠢᠳᠠᠯ ᠢ ᠠᠷᠭᠠᠴᠠᠭᠠᠵᠤ | ᠰᠢᠢᠳᠪᠦᠷᠢᠯᠡᠬᠦ ᠶᠢ ᠵᠤᠬᠢᠶᠠᠨ ᠪᠠᠶᠢᠭᠤᠯᠤᠨ ᠵᠢᠯᠤᠭᠤᠳᠤᠨ᠎ᠠ ︔ ᠣᠯᠠᠨ ᠤᠯᠤᠰ ᠤᠨ ᠬᠠᠮᠢᠶ᠎ᠠ ᠪᠦᠬᠦᠢ | ᠴᠦᠯᠵᠢᠯᠲᠡ ᠶᠢᠨ ᠨᠡᠶᠢᠲᠡ ᠶᠢᠨ ᠭᠡᠷ᠎ᠡ ᠶᠢ ᠬᠦᠢᠴᠡᠳᠭᠡᠬᠦ ᠠᠵᠢᠯ ᠢ ᠡᠭᠦᠷᠭᠡᠯᠡᠨ᠎ᠡ᠃ | ︵ᠵᠢᠷᠭᠤᠭ᠎ᠠ ︶ ᠪᠥᠬᠦ ᠰᠢᠶᠠᠨ ᠤ ᠡᠬᠡ ᠬᠠᠭᠤᠷᠠᠢ ᠶᠢᠨ ᠬᠡᠬᠡᠷ᠎ᠡ ᠶᠢᠨ ᠠᠮᠢᠲᠠᠨ ᠤᠷᠭᠤᠮᠠᠯ ᠤᠨ ᠡᠬᠢ ᠪᠠᠶᠠᠯᠢᠭ ᠢ | ᠬᠠᠮᠠᠭᠠᠯᠠᠬᠤ ᠪᠠ ᠵᠦᠢ ᠵᠣᠬᠢᠰᠲᠠᠢ ᠪᠠᠷ ᠨᠡᠭᠡᠭᠡᠨ ᠠᠰᠢᠭᠯᠠᠬᠤ ᠶᠢ ᠵᠤᠬᠢᠶᠠᠨ ᠪᠠᠶᠢᠭᠤᠯᠤᠨ ᠵᠢᠯᠤᠭᠤᠳᠴᠤ᠂ | ᠭᠤᠤᠯᠳᠠᠯᠭ᠎ᠠ ᠲᠠᠢ ᠬᠠᠮᠠᠭᠠᠯᠠᠬᠤ ᠡᠬᠡ ᠬᠠᠭᠤᠷᠠᠢ ᠶᠢᠨ ᠬᠡᠬᠡᠷ᠎ᠡ ᠶᠢᠨ ᠠᠮᠢᠲᠠᠨ ᠪᠣᠯᠣᠨ ᠤᠷᠭᠤᠮᠠᠯ ᠤᠨ ᠨᠡᠷᠡᠶᠢᠳᠦᠯ ᠢ | ᠲᠤᠭᠤᠷᠪᠢᠨ ᠲᠤᠭᠳᠠᠭᠠᠬᠤ ᠪᠠ ᠲᠤᠬᠢᠷᠠᠭᠤᠯᠤᠯᠳᠠ ᠬᠢᠵᠦ᠂ ᠰᠢᠶᠠᠨ ᠤ ᠠᠷᠠᠳ ᠤᠨ ᠵᠠᠰᠠᠭ ᠤᠨ ᠤᠷᠳᠤᠨ ᠳᠤ | ᠮᠡᠳᠡᠭᠦᠯᠵᠦ ᠵᠦᠪᠰᠢᠶᠡᠷᠡᠭᠦᠯᠦᠭᠰᠡᠨ ᠤ ᠳᠠᠷᠠᠭ᠎ᠠ ᠨᠡᠶᠢᠲᠡᠯᠡᠨ᠎ᠡ ︔ ᠡᠬᠡ ᠬᠠᠭᠤᠷᠠᠢ ᠶᠢᠨ ᠬᠡᠬᠡᠷ᠎ᠡ ᠶᠢᠨ ᠠᠮᠢᠲᠠᠨ | ᠤᠷᠭᠤᠮᠠᠯ ᠢ ᠠᠪᠤᠷᠠᠨ ᠬᠠᠮᠠᠭᠠᠯᠠᠵᠤ ᠪᠤᠶᠢᠵᠢᠭᠤᠯᠬᠤ᠂ ᠤᠷᠤᠰᠢᠨ ᠠᠮᠢᠳᠤᠷᠠᠬᠤ ᠭᠠᠵᠠᠷ ᠢ ᠨᠢ ᠰᠡᠷᠭᠦᠭᠡᠨ ᠬᠥᠭᠵᠢᠭᠦᠯᠬᠦ | ᠂ ᠬᠢᠵᠢᠭ ᠤᠨ ᠡᠭᠦᠰᠤᠯ ᠰᠤᠷᠪᠤᠯᠵᠢ ᠶᠢ ᠬᠢᠨᠠᠨ ᠬᠡᠮᠵᠢᠬᠦ ᠠᠵᠢᠯ ᠢ ᠬᠠᠤᠯᠢ ᠶᠤᠰᠤᠭᠠᠷ ᠵᠤᠬᠢᠶᠠᠨ ᠪᠠᠶᠢᠭᠤᠯᠤᠨ | ᠵᠢᠯᠤᠭᠤᠳᠤᠨ᠎ᠠ ︔ ᠪᠥᠬᠦ ᠰᠢᠶᠠᠨ ᠤ ᠡᠬᠡ ᠬᠠᠭᠤᠷᠠᠢ ᠶᠢᠨ ᠬᠡᠬᠡᠷ᠎ᠡ ᠶᠢᠨ ᠠᠮᠢᠲᠠᠨ ᠤᠷᠭᠤᠮᠠᠯ ᠢ ᠠᠩᠨᠠᠨ ᠪᠠᠷᠢᠬᠤ | ᠪᠤᠶᠤ ᠲᠡᠭᠦᠨ ᠴᠤᠭᠯᠠᠭᠤᠯᠬᠤ᠂ ᠳᠠᠰᠬᠠᠨ ᠲᠡᠵᠢᠭᠡᠵᠦ ᠦᠷᠡᠵᠢᠭᠦᠯᠬᠦ ᠪᠤᠶᠤ ᠵᠠᠶᠢᠯᠠᠵᠦ ᠪᠤᠶᠢᠵᠢᠭᠤᠯᠬᠤ᠂ ᠡᠵᠡᠩᠨᠡᠨ | ᠠᠰᠢᠭᠯᠠᠬᠤ ᠶᠢ ᠬᠢᠨᠠᠨ ᠬᠠᠮᠢᠶᠠᠷᠴᠤ᠂ ᠬᠡᠬᠡᠷ᠎ᠡ ᠶᠢᠨ ᠠᠮᠢᠲᠠᠨ ᠤᠷᠭᠤᠮᠠᠯ ᠢ ᠭᠠᠳᠠᠭᠠᠳᠤ ᠠᠴᠠ ᠣᠷᠤᠭᠤᠯᠵᠤ | ᠭᠠᠳᠠᠭᠠᠳᠤ ᠳᠤ ᠭᠠᠷᠭᠠᠬᠤ ᠶᠢ ᠬᠢᠨᠠᠨ ᠬᠠᠮᠢᠶᠠᠷᠤᠨ᠎ᠠ ︔ ᠮᠦᠬᠦᠬᠦ ᠰᠢᠬᠠᠭᠰᠠᠨ ᠠᠮᠢᠳᠠᠨ ᠤᠷᠭᠤᠮᠠᠯ ᠢ | ᠭᠠᠳᠠᠭᠠᠳᠤ ᠠᠴᠠ ᠤᠷᠤᠭᠤᠯᠬᠤ ᠭᠠᠳᠠᠭᠠᠳᠤ ᠳᠤ ᠭᠠᠷᠭᠠᠬᠤ ᠪᠠ ᠤᠯᠤᠰ ᠠᠴᠠ ᠬᠠᠮᠠᠭᠠᠯᠠᠵᠦ ᠪᠠᠶᠢᠭ᠎ᠠ ᠬᠡᠬᠡᠷ᠎ᠡ ᠶᠢᠨ | ᠠᠮᠢᠲᠠᠨ᠂ ᠬᠤᠪᠤᠷ ᠴᠤᠬᠠᠭ ᠮᠤᠳᠤᠨ ᠤ ᠵᠦᠢᠯ᠂ ᠬᠤᠪᠤᠷ ᠴᠤᠬᠠᠭ ᠬᠡᠬᠡᠷ᠎ᠡ ᠶᠢᠨ ᠤᠷᠭᠤᠮᠠᠯ ᠵᠢᠴᠢ | ᠪᠥᠲᠦᠬᠡᠭᠳᠡᠭᠦᠨ ᠢ ᠭᠠᠳᠠᠭᠠᠳᠤ ᠳᠤ ᠭᠠᠷᠭᠠᠬᠤ ᠶᠢ ᠬᠢᠨᠠᠨ ᠬᠠᠷᠭᠤᠭᠤᠯᠵᠤ ᠮᠡᠳᠡᠭᠦᠯᠤᠨ ᠵᠥᠪᠰᠢᠶᠡᠷᠡᠭᠦᠯᠬᠦ ᠠᠵᠢᠯ ᠢ | ᠡᠭᠦᠷᠭᠡᠯᠡᠨ᠎ᠡ᠃ | ︵ᠲᠤᠯᠤᠭ᠎ᠠ ︶ ᠪᠦᠬᠦ ᠰᠢᠶᠠᠨ ᠤ ᠤᠢ ᠰᠢᠭᠤᠢ ᠶᠢᠨ ᠰᠢᠰᠲ᠋ᠧᠮ ᠤᠨ ᠪᠠᠶᠢᠭᠠᠯᠢ ᠶᠢᠨ ᠬᠠᠮᠠᠭᠠᠯᠠᠯᠲᠠ ᠶᠢᠨ | ᠣᠷᠣᠨ ᠤ ᠬᠢᠨᠠᠯᠲᠠ ᠬᠠᠮᠢᠶᠠᠷᠤᠯᠲᠠ ᠶᠢ ᠬᠠᠷᠢᠭᠤᠴᠠᠵᠤ᠂ ᠤᠯᠤᠰ ᠪᠠ ᠦᠪᠡᠷᠲᠡᠭᠡᠨ ᠵᠠᠰᠠᠬᠤ ᠤᠷᠤᠨ ᠤ | ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠬᠤᠪᠢᠶᠠᠷᠢᠯᠠᠯ ᠪᠣᠯᠣᠨ ᠲᠥᠯᠥᠪᠵᠢᠭᠦᠯᠭᠡ ᠶᠢᠨ ᠵᠠᠷᠴᠢᠮ ᠤᠨ | ᠵᠢᠯᠤᠭᠤᠳᠤᠯᠭ᠎ᠠ ᠳᠤᠤᠷ᠎ᠠ᠂ ᠤᠢ ᠰᠢᠭᠤᠢ᠂ ᠨᠦᠢᠲᠠᠨ ᠭᠠᠵᠠᠷ᠂ ᠴᠦᠯᠡᠷᠬᠡᠭᠵᠢᠯ ᠪᠠ ᠡᠬᠡ ᠬᠠᠭᠤᠷᠠᠢ ᠶᠢᠨ | ᠬᠡᠬᠡᠷ᠎ᠡ ᠶᠢᠨ ᠠᠮᠢᠲᠠᠨ ᠤ ᠲᠥᠷᠦᠯ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠤ ᠪᠥᠲᠥᠭᠡᠨ ᠪᠠᠶᠢᠭᠤᠯᠤᠯᠲᠠ ᠪᠠ | ᠬᠠᠮᠢᠶᠠᠷᠤᠯᠲᠠ ᠶᠢ ᠬᠠᠤᠯᠢ ᠶᠤᠰᠤᠭᠠᠷ ᠵᠢᠯᠤᠭᠤᠳᠤᠨ᠎ᠠ ︔ ᠤᠢ ᠰᠢᠭᠤᠢ ᠶᠢᠨ ᠠᠮᠢᠳᠤ ᠪᠤᠳᠠᠰ ᠤᠨ ᠦᠷ᠎ᠡ ᠶᠢᠨ ᠡᠬᠢ | ᠪᠠᠶᠠᠯᠢᠭ᠂ ᠭᠧᠨ ᠬᠤᠪᠢᠷᠠᠭᠤᠯᠤᠭᠰᠠᠨ ᠠᠮᠢᠳᠤ ᠪᠤᠳᠠᠰ ᠤᠨ ᠠᠮᠤᠷ ᠲᠥᠪᠰᠢᠨ᠂ ᠤᠷᠭᠤᠮᠠᠯ ᠤᠨ ᠰᠢᠨ᠎ᠡ ᠲᠥᠷᠥᠯ | ᠵᠦᠢᠯ ᠤᠨ ᠬᠠᠮᠠᠭᠠᠯᠠᠯᠲᠠ ᠶᠢ ᠬᠢᠨᠠᠨ ᠬᠠᠮᠢᠶᠠᠷᠤᠨ᠎ᠠ ︔ ᠠᠮᠢᠳᠤ ᠪᠤᠳᠠᠰ ᠤᠨ ᠤᠯᠠᠨ ᠶᠠᠩᠵᠤᠲᠤ ᠴᠢᠨᠠᠷ ᠤᠨ | ᠬᠠᠮᠠᠭᠠᠯᠠᠯᠲᠠ ᠶᠢᠨ ᠬᠤᠯᠪᠤᠭᠳᠠᠯ ᠪᠥᠬᠦᠢ ᠠᠵᠢᠯ ᠢ ᠠᠵᠢᠯ ᠤᠨ ᠬᠤᠪᠢᠶᠠᠷᠢ ᠪᠠᠷ ᠢᠶᠠᠨ ᠬᠠᠷᠢᠭᠤᠴᠠᠵᠤ᠂ ᠳᠡᠯᠡᠬᠡᠢ ᠶᠢᠨ | ᠬᠠᠮᠢᠶ᠎ᠠ ᠪᠦᠬᠦᠢ ᠨᠡᠶᠢᠲᠡ ᠶᠢᠨ ᠭᠡᠷ᠎ᠡ ᠶᠢ ᠭᠦᠢᠴᠡᠳᠬᠡᠬᠦ ᠠᠵᠢᠯ ᠢ ᠵᠤᠬᠢᠶᠠᠨ ᠪᠠᠶᠢᠭᠤᠯᠵᠣ ᠵᠣᠬᠢᠴᠠᠭᠤᠯᠣᠨ | ᠲᠣᠬᠢᠷᠠᠭᠤᠯᠤᠨ᠎ᠠ᠃ | ︵ᠨᠠᠢᠮᠠ ︶ ᠪᠥᠬᠦ ᠰᠢᠶᠠᠨ ᠤ ᠤᠢ ᠰᠢᠭᠤᠢ ᠶᠢᠨ ᠥᠭᠡᠷᠡᠴᠢᠯᠡᠯᠲᠡ ᠶᠢ ᠠᠬᠢᠭᠤᠯᠵᠤ᠂ ᠮᠠᠯᠴᠢᠨ ᠲᠠᠷᠢᠶᠠᠴᠢᠨ ᠤ | ᠤᠢ ᠰᠢᠭᠤᠢ ᠡᠵᠡᠩᠨᠡᠬᠦ ᠬᠠᠤᠯᠢ ᠶᠤᠰᠤᠨ ᠤ ᠡᠷᠬᠡ ᠠᠰᠢᠭ ᠢ ᠬᠠᠮᠠᠭᠠᠯᠠᠬᠤ ᠬᠠᠷᠢᠭᠤᠴᠠᠯᠭ᠎ᠠ ᠶᠢ ᠡᠭᠦᠷᠭᠡᠯᠡᠨ᠎ᠡ ︔ | ᠬᠠᠮᠲᠤ ᠶᠢᠨ ᠤᠢ ᠮᠤᠳᠤᠨ ᠤ ᠡᠷᠬᠡ ᠶᠢᠨ ᠳᠥᠷᠢᠮ᠂ ᠤᠯᠤᠰ ᠤᠨ ᠥᠮᠴᠢᠯᠡᠯᠲᠦ ᠤᠢ ᠰᠢᠭᠤᠢ ᠶᠢᠨ ᠲᠠᠯᠠᠪᠠᠢ ᠵᠡᠷᠭᠡ | ᠲᠠᠯ᠎ᠠ ᠶᠢᠨ ᠴᠢᠬᠤᠯᠡ ᠶᠡᠭᠡ ᠤᠢ ᠰᠢᠭᠤᠢ ᠶᠢᠨ ᠥᠭᠡᠷᠡᠴᠢᠯᠡᠯᠲᠡ ᠶᠢᠨ ᠰᠠᠨᠠᠯ ᠢ ᠲᠣᠭᠤᠷᠪᠢᠨ ᠲᠣᠭᠲᠠᠭᠠᠬᠤ ᠶᠢᠨ | ᠬᠠᠮᠲᠤ ᠵᠢᠭᠠᠨ ᠵᠢᠯᠤᠭᠤᠳᠴᠤ ᠬᠢᠨᠠᠯᠲᠠ ᠲᠠᠯᠪᠢᠨ ᠬᠡᠷᠡᠭᠵᠢᠭᠦᠯᠦᠨ᠎ᠡ ︔ ᠲᠠᠷᠢᠶᠠᠯᠠᠬᠤ ᠮᠠᠯᠵᠢᠬᠤ ᠤᠷᠤᠨ ᠤ ᠤᠢ | ᠰᠢᠭᠤᠢ ᠶᠢ ᠬᠥᠭᠵᠢᠭᠦᠯᠬᠦ᠂ ᠮᠠᠯᠴᠢᠨ ᠲᠠᠷᠢᠶᠠᠴᠢᠨ ᠤ ᠤᠢ ᠰᠢᠭᠤᠢ ᠡᠵᠡᠩᠨᠡᠬᠦ ᠬᠠᠤᠯᠢ ᠶᠤᠰᠤᠨ ᠤ ᠡᠷᠬᠡ ᠠᠰᠢᠭ ᠢ | ᠬᠠᠮᠠᠭᠠᠯᠠᠬᠤ ᠲᠥᠷᠥ ᠶᠢᠨ ᠪᠣᠳᠤᠯᠭ᠎ᠠ ᠠᠷᠭ᠎ᠠ ᠬᠡᠮᠵᠢᠶ᠎ᠡ ᠶᠢ ᠲᠤᠭᠤᠷᠪᠢᠨ ᠲᠣᠭᠲᠠᠭᠠᠨ᠎ᠠ ︔ ᠲᠠᠷᠢᠶᠠᠯᠠᠬᠤ ᠮᠠᠯᠵᠢᠬᠤ | ᠤᠷᠤᠨ ᠤ ᠣᠶᠢᠲᠤ ᠭᠠᠵᠠᠷ ᠢ ᠳᠠᠭᠠᠭᠠᠴᠢᠯᠠᠨ ᠡᠵᠡᠩᠨᠡᠬᠦ ᠪᠠ ᠤᠢ ᠶᠢᠨ ᠡᠷᠬᠡ ᠶᠢᠨ ᠡᠷᠭᠢᠯᠲᠡ ᠶᠢ ᠵᠢᠭᠠᠨ ᠵᠢᠯᠤᠭᠤᠳᠤᠨ | ᠬᠢᠨᠠᠯᠲᠠ ᠲᠠᠯᠪᠢᠵᠤ᠂ ᠤᠢ ᠶᠢᠨ ᠡᠷᠬᠡ ᠶᠢᠨ ᠵᠢᠭᠤᠷᠠᠯᠳᠤᠭᠠᠨ ᠢ ᠪᠠᠶᠢᠴᠠᠭᠠᠨ ᠰᠢᠢᠳᠪᠤᠷᠢᠯᠡᠬᠦ ᠪᠠ ᠣᠶᠢᠲᠤ ᠭᠠᠵᠠᠷ ᠤᠨ | ᠳᠠᠭᠠᠭᠠᠴᠢᠯᠠᠯᠲᠠ ᠶᠢᠨ ᠭᠡᠷ᠎ᠡ ᠶᠢᠨ ᠵᠢᠭᠤᠷᠠᠯᠳᠤᠭᠠᠨ ᠢ ᠬᠦᠨᠳᠡᠯᠡᠨ ᠠᠴᠠ ᠲᠠᠰᠤᠯᠬᠤ ᠶᠢ ᠵᠢᠭᠠᠨ ᠵᠢᠯᠤᠭᠤᠳᠤᠨ᠎ᠠ ︔ | ᠲᠠᠷᠢᠶᠠᠯᠠᠬᠤ ᠶᠢ ᠵᠤᠭᠰᠤᠭᠠᠵᠦ ᠣᠢ ᠰᠢᠭᠤᠢ ᠶᠢ ᠰᠡᠷᠭᠦᠭᠡᠬᠦ ᠠᠵᠢᠯ ᠢ ᠬᠠᠤᠯᠢ ᠶᠤᠰᠤᠭᠠᠷ ᠬᠠᠷᠢᠭᠤᠴᠠᠨ᠎ᠠ᠃ | ︵ᠶᠢᠰᠦ ︶ ᠡᠯ᠎ᠡ ᠠᠵᠤ ᠦᠢᠯᠡᠰ ᠠᠴᠠ ᠣᠢ ᠰᠢᠭᠤᠢ᠂ ᠨᠦᠢᠲᠠᠨ ᠭᠠᠵᠠᠷ᠂ ᠡᠯᠡᠰᠦᠨ ᠴᠦᠯ ᠪᠣᠯᠣᠨ ᠡᠬᠡ | ᠬᠠᠭᠤᠷᠠᠢ ᠶᠢᠨ ᠬᠡᠬᠡᠷ᠎ᠠ ᠶᠢᠨ ᠠᠮᠢᠲᠠᠨ ᠤᠷᠭᠤᠮᠠᠯ ᠤᠨ ᠡᠬᠢ ᠪᠠᠶᠠᠯᠢᠭ ᠢ ᠨᠡᠬᠡᠬᠡᠨ ᠠᠰᠢᠭᠯᠠᠬᠤ ᠶᠢ ᠬᠢᠨᠠᠨ ᠪᠠᠶᠢᠴᠠᠭᠠᠨ᠎ᠠ | ︔ ᠪᠥᠬᠦ ᠰᠢᠶᠠᠨ ᠤ ᠣᠢ ᠰᠢᠭᠤᠢ ᠶᠢᠨ ᠡᠬᠢ ᠪᠠᠶᠠᠯᠢᠭ ᠢ ᠰᠢᠯᠢᠳᠡᠭᠵᠢᠭᠦᠯᠦᠨ ᠲᠣᠬᠢᠷᠠᠭᠤᠯᠬᠤ ᠲᠥᠷᠥ ᠶᠢᠨ | ᠪᠣᠳᠤᠯᠭ᠎ᠠ ᠶᠢ ᠲᠣᠭᠲᠠᠭᠠᠵᠤ᠂ ᠣᠢ ᠰᠢᠭᠤᠢ ᠶᠢᠨ ᠭᠠᠷᠤᠯᠳᠠ ᠶᠢᠨ ᠶᠠᠰᠤ ᠴᠢᠨᠠᠷ ᠲᠤ ᠬᠢᠨᠠᠯᠲᠠ ᠲᠠᠯᠪᠢᠬᠤ ᠶᠢ | ᠵᠣᠬᠢᠶᠠᠨ ᠪᠠᠶᠢᠭᠤᠯᠤᠨ ᠣᠳᠣᠷᠢᠳᠣᠨ᠎ᠠ ︔ ᠲᠠᠸᠠᠷ ᠤᠨ ᠣᠢ ᠶᠢᠨ ᠬᠥᠭᠵᠢᠯᠲᠡ ᠪᠠ ᠠᠰᠢᠭᠯᠠᠯᠲᠠ ᠶᠢ ᠵᠢᠯᠤᠭᠤᠳᠴᠤ᠂ | ᠠᠭᠤᠯᠠᠷᠬᠠᠭ ︵ᠡᠯᠡᠰᠦᠷᠬᠡᠭ ︶ ᠣᠷᠣᠨ ᠢ ᠶᠡᠷᠦᠩᠬᠡᠶᠢᠯᠡᠨ ᠨᠡᠬᠡᠬᠡᠨ ᠬᠦᠭᠵᠢᠬᠦᠯᠬᠦ ᠶᠢ ᠵᠢᠯᠤᠭᠤᠳᠤᠨ᠎ᠠ᠃ | ︵ᠠᠷᠪᠠ ︶ ᠪᠥᠬᠦ ᠰᠢᠶᠠᠨ ᠤ ᠣᠢ ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠠᠵᠢᠯ ᠢ ᠵᠣᠬᠢᠶᠠᠨ | ᠪᠠᠶᠢᠭᠤᠯᠬᠤ᠂ ᠵᠣᠬᠢᠴᠠᠭᠤᠯᠬᠤ᠂ ᠵᠢᠯᠤᠭᠤᠳᠬᠤ ᠪᠠ ᠬᠢᠨᠠᠯᠲᠠ ᠲᠠᠯᠪᠢᠬᠤ ᠬᠠᠷᠢᠭᠤᠴᠠᠯᠭ᠎ᠠ ᠶᠢ ᠡᠭᠦᠷᠭᠡᠯᠡᠵᠦ᠂ ᠣᠢ | ᠰᠢᠭᠤᠢ ᠶᠢᠨ ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠪᠣᠯᠣᠨ ᠲᠣᠰᠬᠠᠢ ᠭᠠᠯ ᠣᠨᠲᠠᠷᠠᠭᠠᠬᠤ ᠡᠩᠨᠡᠭᠡ ᠶᠢᠨ ᠭᠠᠯ | ᠰᠡᠷᠭᠡᠶᠢᠯᠡᠨ ᠣᠨᠲᠠᠷᠠᠭᠠᠬᠤ ᠠᠵᠢᠯ ᠢ ᠵᠣᠬᠢᠶᠠᠨ ᠪᠠᠶᠢᠭᠤᠯᠤᠨ ᠵᠤᠬᠢᠴᠠᠭᠤᠯᠬᠤ ᠪᠠ ᠵᠢᠯᠣᠭᠤᠳᠣᠨ᠎ᠠ ︔ ᠰᠢᠶᠠᠨ ᠤ ᠣᠢ | ᠰᠢᠭᠤᠢ ᠨᠣᠳᠤᠭ ᠪᠡᠯᠴᠢᠭᠡᠷ ᠤᠨ ᠭᠠᠯ ᠰᠡᠷᠭᠡᠶᠢᠯᠡᠬᠦ ᠠᠵᠢᠯ ᠤᠨ ᠵᠢᠯᠤᠭᠤᠳᠬᠤ ᠭᠠᠵᠠᠷ ᠤᠨ ᠪᠣᠲᠠᠲᠠᠢ ᠠᠵᠢᠯ ᠢ | ᠡᠭᠦᠷᠭᠡᠯᠡᠵᠦ᠂ ᠣᠢ ᠰᠢᠭᠤᠢ ᠶᠢᠨ ᠵᠠᠰᠠᠭ ᠵᠠᠬᠢᠷᠭᠠᠨ ᠤ ᠬᠠᠦᠯᠢ ᠬᠡᠷᠡᠭᠵᠢᠭᠦᠯᠬᠦ ᠶᠢ ᠬᠢᠨᠠᠨ ᠬᠠᠮᠢᠶᠠᠷᠬᠤ | ᠬᠠᠷᠢᠭᠤᠴᠠᠯᠭ᠎ᠠ ᠶᠢ ᠡᠭᠦᠷᠭᠡᠯᠡᠨ᠎ᠡ ︔ ᠪᠥᠬᠦ ᠰᠢᠶᠠᠨ ᠤ ᠣᠢ ᠰᠢᠭᠤᠢ ᠶᠢᠨ ᠲᠣᠲᠣᠭᠠᠳᠣ ᠶᠢ ᠬᠠᠮᠠᠭᠠᠯᠠᠬᠤ ᠠᠵᠢᠯ ᠢ | ᠵᠢᠯᠤᠭᠤᠳᠴᠤ᠂ ᠣᠢ ᠰᠢᠭᠤᠢ ᠶᠢᠨ ᠲᠣᠲᠣᠭᠠᠳᠣ ᠶᠢ ᠬᠠᠮᠠᠭᠠᠯᠠᠬᠤ ᠡᠩᠨᠡᠭᠡ ᠶᠢ ᠬᠢᠨᠠᠨ ᠬᠠᠮᠢᠶᠠᠷᠴᠤ᠂ ᠪᠥᠬᠦ ᠰᠢᠶᠠᠨ ᠤ | ᠣᠢ ᠰᠢᠭᠤᠢ ᠶᠢᠨ ᠬᠥᠨᠳᠣ ᠶᠡᠭᠡ ᠬᠠᠦᠯᠢ ᠠᠴᠠ ᠵᠦᠷᠢᠴᠡᠭᠰᠡᠨ ᠬᠡᠷᠡᠭ ᠢ ᠪᠠᠶᠢᠴᠠᠭᠠᠨ ᠰᠢᠢᠳᠪᠦᠷᠢᠯᠡᠬᠦ ᠠᠵᠢᠯ ᠢ | ᠵᠢᠯᠤᠭᠤᠳᠤᠨ᠎ᠠ ︔ ᠣᠢ ᠰᠢᠭᠤᠢ ᠶᠢᠨ ᠬᠤᠣᠷ ᠬᠥᠨᠦᠭᠡᠯᠲᠡᠢ ᠠᠮᠢᠳᠤ ᠪᠣᠳᠠᠰ ᠢ ᠰᠡᠷᠭᠡᠶᠢᠯᠡᠨ ᠵᠠᠰᠠᠬᠤ᠂ ᠬᠢᠵᠢᠭ | ᠪᠠᠶᠢᠴᠠᠭᠠᠬᠤ ᠠᠵᠢᠯ ᠢ ᠵᠢᠯᠤᠭᠤᠳᠤᠨ᠎ᠠ᠃ | ︵ᠠᠷᠪᠠᠨ ᠨᠢᠭᠡ ︶ ᠪᠥᠬᠦ ᠰᠢᠶᠠᠨ ᠤ ᠣᠢ ᠰᠢᠭᠤᠢ ᠶᠢᠨ ᠠᠵᠤ ᠠᠬᠤᠢ ᠶᠢᠨ ᠲᠣᠬᠢᠷᠠᠭᠤᠯᠭ᠎ᠠ ᠪᠠ ᠣᠢ | ᠰᠢᠭᠤᠢ ᠶᠢᠨ ᠪᠡᠯᠡ ᠣᠷᠤᠭᠤᠯᠤᠯᠲᠠ ᠶᠢᠨ ᠲᠥᠷᠥ ᠶᠢᠨ ᠪᠣᠳᠤᠯᠭ᠎ᠠ ᠶᠢ ᠲᠣᠭᠤᠷᠪᠢᠨ ᠲᠣᠭᠲᠠᠭᠠᠬᠤ ᠳᠤ ᠣᠷᠣᠯᠴᠠᠵᠤ᠂ | ᠪᠥᠬᠦ ᠰᠢᠶᠠᠨ ᠤ ᠣᠢ ᠰᠢᠭᠤᠢ ᠵᠢᠴᠢ ᠠᠮᠢ ᠠᠬᠤᠢ ᠶᠢᠨ ᠪᠥᠲᠦᠭᠡᠨ ᠪᠠᠶᠢᠭᠤᠯᠣᠯᠲᠠ ᠶᠢᠨ ᠠᠮᠢ ᠠᠬᠤᠢ ᠶᠢᠨ | ᠨᠥᠬᠦᠪᠦᠷᠢ ᠶᠢᠨ ᠳᠦᠷᠢᠮ ᠪᠠᠶᠢᠭᠤᠯᠬᠤ ᠪᠠ ᠬᠡᠷᠡᠭᠵᠢᠭᠦᠯᠬᠦ ᠶᠢ ᠵᠣᠬᠢᠶᠠᠨ ᠪᠠᠶᠢᠭᠤᠯᠵᠤ ᠵᠢᠯᠤᠭᠤᠳᠤᠨ᠎ᠠ ︔ ᠰᠠᠯᠠᠭ᠎ᠠ | ᠮᠦᠴᠢᠷ ᠤᠨ ᠲᠦᠰᠤᠪ ᠢ ᠲᠤᠭᠳᠠᠭᠠᠬᠤ ᠶᠢᠨ ᠬᠠᠮᠲᠤ ᠵᠣᠬᠢᠶᠠᠨ ᠪᠠᠶᠢᠭᠤᠯᠣᠨ ᠬᠡᠷᠡᠭᠵᠢᠭᠦᠯᠦᠨ᠎ᠡ ︔ ᠪᠦᠭᠦ ᠰᠢᠶᠠᠨ ᠤ | ᠣᠢ ᠰᠢᠭᠤᠢ ᠶᠢᠨ ᠪᠡᠯᠡ ᠮᠥᠩᠭᠦ ᠶᠢ ᠬᠠᠮᠢᠶᠠᠷᠴᠤ᠂ ᠪᠥᠬᠦ ᠰᠢᠶᠠᠨ ᠤ ᠣᠢ ᠰᠢᠭᠤᠢ ᠶᠢᠨ ᠪᠡᠯᠡ ᠮᠥᠩᠭᠦ ᠶᠢᠨ | ᠬᠠᠮᠢᠶᠠᠷᠤᠯᠲᠠ ᠪᠠ ᠬᠡᠷᠡᠭᠯᠡᠯᠲᠡ ᠳᠤ ᠬᠢᠨᠠᠯᠲᠠ ᠲᠠᠯᠪᠢᠨ᠎ᠠ ︔ ᠤᠯᠤᠰ ᠤᠨ ᠥᠮᠴᠢᠯᠡᠯ ᠤᠨ ᠣᠢ ᠰᠢᠭᠤᠢ ᠶᠢᠨ ᠡᠳ᠋ | ᠬᠥᠷᠥᠩᠭᠡ ᠶᠢ ᠬᠢᠨᠠᠨ ᠬᠠᠮᠢᠶᠠᠷᠴᠤ᠂ ᠬᠤᠯᠪᠤᠭᠳᠠᠯ ᠪᠥᠬᠦᠢ ᠲᠣᠭᠲᠠᠭᠠᠯ ᠶᠣᠰᠤᠭᠠᠷ ᠭᠤᠣᠯᠳᠠᠯᠭ᠎ᠠ ᠲᠠᠢ ᠣᠢ | ᠰᠢᠭᠤᠢ ᠶᠢᠨ ᠪᠥᠲᠦᠭᠡᠨ ᠪᠠᠶᠢᠭᠤᠯᠣᠯᠲᠠ ᠶᠢᠨ ᠲᠥᠷᠥᠯ ᠵᠦᠢᠯ ᠤᠳ ᠢ ᠬᠢᠨᠠᠨ ᠬᠠᠷᠭᠤᠭᠤᠯᠤᠨ᠎ᠠ ︔ ᠪᠥᠬᠦ ᠰᠢᠶᠠᠨ ᠤ | ᠣᠢ ᠰᠢᠭᠤᠢ ᠵᠢᠴᠢ ᠠᠮᠢ ᠠᠬᠤᠢ ᠶᠢᠨ ᠪᠥᠲᠦᠭᠡᠨ ᠪᠠᠶᠢᠭᠤᠯᠣᠯᠲᠠ ᠶᠢᠨ ᠣᠨ ᠤ ᠦᠢᠯᠡᠳᠪᠦᠷᠢᠯᠡᠯ ᠤᠨ | ᠲᠥᠯᠥᠪᠯᠡᠭᠡ ᠶᠢ ᠨᠠᠶᠢᠷᠠᠭᠤᠯᠤᠨ ᠲᠣᠭᠲᠠᠭᠠᠨ᠎ᠠ᠃ | ︵ᠠᠷᠪᠠᠨ ᠬᠤᠶᠠᠷ ︶ ᠪᠥᠬᠦ ᠰᠢᠶᠠᠨ ᠤ ᠣᠢ ᠰᠢᠭᠤᠢ ᠵᠢᠴᠢ ᠠᠮᠢ ᠠᠬᠤᠢ ᠶᠢᠨ ᠪᠥᠲᠦᠭᠡᠨ ᠪᠠᠶᠢᠭᠤᠯᠣᠯᠲᠠ ᠶᠢᠨ | ᠰᠢᠨᠵᠢᠯᠡᠬᠦ ᠤᠬᠠᠭᠠᠨ ᠮᠡᠷᠭᠡᠵᠢᠯ᠂ ᠪᠣᠯᠪᠠᠰᠤᠷᠠᠯ ᠪᠠ ᠭᠠᠳᠠᠭᠠᠳᠤ ᠶᠠᠪᠤᠳᠠᠯ ᠤᠨ ᠠᠵᠢᠯ ᠢ ᠵᠣᠬᠢᠶᠠᠨ ᠪᠠᠶᠢᠭᠤᠯᠣᠨ | ᠵᠢᠯᠣᠭᠤᠳᠣᠨ᠎ᠠ ︔ ᠪᠥᠬᠦ ᠰᠢᠶᠠᠨ ᠤ ᠣᠢ ᠰᠢᠭᠤᠢ ᠶᠢᠨ ᠡᠩᠨᠡᠭᠡ ᠶᠢᠨ ᠪᠠᠶᠢᠭᠤᠯᠣᠯᠲᠠ ᠶᠢ ᠵᠢᠯᠣᠭᠤᠳᠣᠨ᠎ᠠ᠃ | ︵ᠠᠷᠪᠠᠨ ᠭᠤᠷᠪᠡ ︶ ᠰᠢᠶᠠᠨ ᠤ ᠠᠷᠠᠳ ᠤᠨ ᠵᠠᠰᠠᠭ ᠤᠨ ᠣᠷᠳᠣᠨ ᠠᠴᠠ ᠬᠦᠢᠴᠡᠳᠭᠡᠯᠭᠡᠬᠦ ᠪᠠᠷ ᠲᠤᠰᠢᠶᠠᠭᠰᠠᠨ | ᠪᠣᠰᠤᠳ ᠬᠡᠷᠡᠭ ᠶᠠᠪᠤᠳᠠᠯ ᠢ ᠳᠠᠭᠠᠭᠠᠨ ᠭᠦᠢᠴᠡᠳᠭᠡᠨ᠎ᠡ᠃ | |