ᠬᠠᠷᠠᠴᠢᠨ ᠹᠦ᠋ ᠾᠧ ᠬᠦᠰᠡᠯᠡᠩᠲᠦ ᠪᠠᠭ᠎ᠠ ᠰᠤᠷᠭᠠᠭᠤᠯᠢ ︽ᠣᠷᠴᠢᠨ ᠲᠣᠭᠤᠷᠢᠨ ᠤ ᠡᠷᠡᠭᠦᠯ ᠮᠡᠨᠳᠦ ᠶᠢᠨ ᠬᠤᠨᠳᠠᠭᠠᠲᠤ︾ ᠶᠠᠷᠢᠶ᠎ᠠ ᠢᠯᠡᠳᠭᠡᠯ ᠤᠨ ᠤᠷᠤᠯᠳᠤᠭᠠᠨ ᠶᠠᠪᠤᠭᠳᠠᠭᠤᠯᠪᠠ
ᠨᠡᠶᠢᠲᠡᠯᠡᠭᠰᠡᠨ ᠴᠠᠭ᠄
2024/3/29
   ᠳᠡᠯᠡᠬᠡᠢ ᠶᠢᠨ ᠪᠥᠮᠪᠥᠷᠴᠡᠭ ᠭᠠᠭᠴᠠᠬᠠᠨ ᠪᠠᠶᠢᠳᠠᠭ᠂ ᠲᠡᠷᠡ ᠪᠣᠯ ᠬᠥᠮᠥᠨ ᠲᠥᠷᠥᠯᠬᠢᠲᠡᠨ ᠤ ᠣᠷᠣᠰᠢᠨ ᠲᠣᠭᠲᠠᠨᠢᠬᠤ ᠦᠵᠡᠰᠬᠦᠯᠡᠩᠲᠦ ᠰᠠᠶᠢᠬᠠᠨ ᠭᠡᠷ ᠣᠷᠣᠨ ᠶᠤᠮ᠃ ᠳᠡᠯᠡᠬᠡᠢ ᠶᠢᠨ ᠪᠥᠮᠪᠥᠷᠴᠡᠭ ᠲᠤ ᠰᠠᠶᠢᠨ ᠬᠠᠨᠳᠤᠵᠤ᠂ ᠳᠡᠯᠡᠬᠡᠢ ᠶᠢᠨ ᠪᠥᠮᠪᠥᠷᠴᠡᠭ ᠢ ᠬᠠᠮᠠᠭᠠᠯᠠᠵᠤ᠂ ᠣᠷᠴᠢᠨ ᠲᠣᠭᠤᠷᠢᠨ ᠢ ᠬᠠᠮᠠᠭᠠᠯᠠᠬᠤ ᠨᠢ ᠳᠠᠷᠤᠢ ᠥᠪᠡᠷ ᠢ ᠪᠠᠨ ᠬᠠᠮᠠᠭᠠᠯᠠᠵᠤ ᠪᠠᠶᠢᠭ᠎ᠠ ᠶᠠᠪᠤᠳᠠᠯ ᠮᠥᠨ᠃ ᠪᠥᠬᠦ ᠰᠤᠷᠭᠠᠭᠤᠯᠢ ᠶᠢᠨ ᠪᠠᠭᠰᠢ ᠰᠤᠷᠤᠭᠴᠢᠳ ᠤᠨ ᠭᠡᠷ ᠳᠣᠲᠣᠷᠠᠬᠢ ᠠᠭᠠᠷ ᠤᠨ ᠴᠢᠨᠠᠷ ᠴᠢᠨᠰᠠᠭ᠎ᠠ ᠬᠢᠭᠡᠳ ᠬᠥᠮᠥᠨ ᠲᠥᠷᠥᠯᠬᠢᠲᠡᠨ ᠤ ᠡᠷᠡᠭᠦᠯ ᠮᠡᠨᠳᠦ ᠶᠢᠨ ᠬᠤᠯᠪᠣᠭᠳᠠᠯ ᠪᠦᠬᠦᠢ ᠮᠡᠳᠡᠯᠭᠡ ᠶᠢᠨ ᠲᠤᠬᠠᠢ ᠣᠶᠢᠯᠠᠭᠠᠯᠲᠠ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠵᠦ᠂ ᠣᠷᠴᠢᠨ ᠠᠬᠤᠢ ᠶᠢᠨ ᠬᠠᠮᠠᠭᠠᠯᠠᠯᠲᠠ ᠶᠢᠨ ᠤᠬᠠᠮᠰᠠᠷ ᠢ ᠴᠢᠩᠭᠠᠳᠬᠠᠨ᠂ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠮᠥᠨ︾ ᠭᠡᠬᠦ ᠣᠶᠢᠯᠠᠭᠠᠭᠳᠠᠬᠤᠨ ᠢ ᠪᠣᠶ ᠪᠣᠯᠭᠠᠬᠤ ᠶᠢᠨ ᠲᠥᠯᠥᠭᠡ᠂ ᠲᠦᠴᠢᠦᠸᠠᠨ ᠰᠢᠶᠠᠨ ᠤ ᠬᠠᠷᠠᠴᠢᠨ ᠹᠦ᠋ ᠾᠧ ᠬᠦᠰᠡᠯᠡᠩᠲᠦ ᠪᠠᠭ᠎ᠠ ᠰᠤᠷᠭᠠᠭᠤᠯᠢ 2023 ᠣᠨ ᠤ 3 ᠰᠠᠷ᠎ᠠ ᠶᠢᠨ 20 ᠤ ᠡᠳᠦᠷ ︽ᠣᠷᠴᠢᠨ ᠲᠤᠭᠤᠷᠢᠨ ᠤ ᠡᠷᠡᠭᠦᠯ ᠮᠡᠨᠳᠦ ᠶᠢᠨ ᠬᠤᠨᠳᠠᠭᠠᠳᠤ ︱ ᠭᠡᠷ ᠳᠣᠲᠣᠷᠠᠬᠢ ᠠᠭᠠᠷ ᠬᠢᠭᠡᠳ ᠡᠷᠡᠭᠦᠯ ᠮᠡᠨᠳᠦ︾ ᠭᠡᠬᠦ ᠶᠠᠷᠢᠶ᠎ᠠ ᠢᠯᠡᠳᠬᠡᠯ ᠤᠨ ᠤᠷᠤᠯᠳᠤᠭᠠᠨ ᠶᠠᠪᠤᠭᠤᠯᠪᠠ᠃
   ᠨᠠᠮ ᠤᠨ ᠡᠭᠦᠷ ᠤᠨ ᠱᠦᠵᠢ᠂ ᠰᠤᠷᠭᠠᠭᠤᠯᠢ ᠶᠢᠨ ᠵᠠᠬᠢᠷᠤᠯ ᠸᠠᠩ ᠬᠠᠢ ᠯᠦᠩ ᠶᠠᠷᠢᠶ᠎ᠠ ᠬᠢᠵᠦ᠂ ᠥᠪᠡᠷ ᠤᠨ ᠪᠤᠳᠤᠯ ᠪᠣᠯᠣᠨ ᠦᠵᠡᠯᠲᠡ ᠪᠠᠨ ᠤᠯᠠᠨ ᠳᠤ ᠬᠤᠪᠢᠶᠠᠯᠴᠠᠪᠠ᠃ ᠲᠡᠷᠡ ᠰᠢᠨ᠎ᠡ ᠴᠠᠭ ᠦᠶ᠎ᠡ ᠶᠢᠨ ᠪᠠᠭᠠᠴᠤᠳ ᠪᠣᠯᠤᠭᠰᠠᠨ ᠤ ᠬᠤᠪᠢ ᠳᠤ᠂ ᠣᠷᠴᠢᠨ ᠲᠣᠭᠤᠷᠢᠨ ᠢ ᠬᠠᠮᠠᠭᠠᠯᠠᠬᠤ ᠪᠠ ᠡᠷᠡᠭᠦᠯ ᠮᠡᠨᠳᠤ ᠶᠢ ᠠᠬᠢᠭᠤᠯᠬᠤ ᠬᠠᠷᠢᠭᠤᠴᠠᠯᠭ᠎ᠠ ᠶᠢ ᠡᠭᠦᠷᠭᠡᠯᠡᠬᠦ ᠬᠡᠷᠡᠭᠲᠡᠢ ᠭᠡᠵᠦ ᠪᠦᠬᠦ ᠰᠤᠷᠤᠭᠴᠢᠳ ᠢ ᠤᠷᠢᠶᠠᠯᠠᠪᠠ᠃ ᠪᠢᠳᠡ ᠥᠪᠡᠷ ᠤᠨ ᠪᠡᠶ᠎ᠡ ᠠᠴᠠ ᠪᠠᠨ ᠡᠬᠢᠯᠡᠨ ᠬᠢᠵᠦ᠂ ᠪᠠᠭ᠎ᠠ ᠶᠠᠪᠤᠳᠠᠯ ᠠᠴᠠ ᠡᠬᠢᠯᠡᠨ ᠬᠢᠵᠦ᠂ ᠰᠠᠶᠢᠨ ᠰᠠᠶᠢᠬᠠᠨ ᠣᠷᠴᠢᠨ ᠠᠬᠤᠢ ᠶᠢ ᠬᠠᠮᠠᠭᠠᠯᠠᠬᠤ ᠳᠠᠳᠬᠠᠯ ᠪᠠ ᠡᠷᠡᠭᠦᠯ ᠰᠠᠷᠠᠭᠤᠯ ᠠᠮᠢᠳᠤᠷᠠᠯ ᠤᠨ ᠠᠷᠭ᠎ᠠ ᠮᠠᠶ᠋ᠢᠭ ᠢ ᠪᠤᠢ ᠪᠣᠯᠭᠠᠬᠤ ᠬᠡᠷᠡᠭᠲᠡᠢ᠃ ᠪᠢᠳᠡ ᠪᠠᠰᠠ ᠣᠷᠴᠢᠨ ᠠᠬᠤᠢ ᠶᠢᠨ ᠬᠠᠮᠠᠭᠠᠯᠠᠯᠲᠠ ᠶᠢᠨ ᠣᠶᠢᠯᠠᠭᠠᠭᠳᠠᠬᠤᠨ ᠢ ᠢᠳᠡᠪᠬᠢᠲᠡᠢ ᠪᠠᠷ ᠤᠬᠠᠭᠤᠯᠵᠤ᠂ ᠳᠡᠷᠭᠡᠳᠡᠬᠢ ᠬᠥᠮᠥᠰ ᠢᠶᠠᠨ ᠬᠥᠲᠥᠯᠥᠨ ᠵᠢᠯᠤᠭᠤᠳᠴᠤ ᠪᠠᠶᠢᠭᠠᠳ ᠣᠷᠴᠢᠨ ᠠᠬᠤᠢ ᠶᠢᠨ ᠬᠠᠮᠠᠭᠠᠯᠠᠯᠲᠠ ᠶᠢᠨ ᠠᠵᠢᠯᠯᠠᠭ᠎ᠠ ᠳᠤ ᠬᠠᠮᠲᠤ ᠪᠠᠷ ᠣᠷᠣᠯᠴᠠᠭᠤᠯᠬᠤ ᠬᠡᠷᠡᠭᠲᠡᠢ᠃
   ᠭᠡᠷ ᠳᠣᠲᠣᠷᠠᠬᠢ ᠠᠭᠠᠷ ᠤᠨ ᠴᠢᠨᠠᠷ ᠴᠢᠨᠰᠠᠭ᠎ᠠ ᠨᠢ ᠮᠠᠨ ᠤ ᠡᠷᠡᠭᠦᠯ ᠮᠡᠨᠳᠦ ᠳᠤ ᠲᠤᠶᠢᠯ ᠤᠨ ᠴᠢᠬᠤᠯᠠ ᠨᠥᠯᠥᠭᠡ ᠲᠠᠢ ᠶᠤᠮ᠃ ᠡᠷᠡᠭᠦᠯ ᠪᠤᠰᠤ ᠭᠡᠷ ᠳᠣᠲᠣᠷᠠᠬᠢ ᠣᠷᠴᠢᠨ ᠲᠣᠭᠤᠷᠢᠨ ᠨᠢ ᠠᠮᠢᠰᠬᠤᠯ ᠤᠨ ᠵᠠᠮ ᠤᠨ ᠡᠪᠡᠳᠴᠢᠨ᠂ ᠠᠷᠠᠰᠤᠨ ᠤ ᠠᠰᠠᠭᠤᠳᠠᠯ᠂ ᠴᠢᠨᠠᠭᠰᠢᠯᠠᠪᠠᠯ ᠰᠡᠳᠬᠢᠴᠡ ᠶᠢᠨ ᠡᠷᠡᠭᠦᠯ ᠮᠡᠨᠳᠦ ᠶᠢᠨ ᠠᠰᠠᠭᠤᠳᠠᠯ ᠢ ᠪᠠᠭᠲᠠᠭᠠᠭᠰᠠᠨ ᠡᠯ᠎ᠡ ᠵᠦᠢᠯ ᠤᠨ ᠡᠷᠡᠭᠦᠯ ᠮᠡᠨᠳᠦ ᠶᠢᠨ ᠠᠰᠠᠭᠤᠳᠠᠯ ᠢ ᠡᠭᠦᠰᠬᠡᠵᠦ ᠮᠡᠳᠡᠨ᠎ᠡ᠃ ᠡᠶᠢᠮᠦ ᠠᠴᠠ ᠭᠡᠷ ᠳᠣᠲᠣᠷᠠᠬᠢ ᠠᠭᠠᠷ ᠤᠨ ᠴᠢᠨᠠᠷ ᠢ ᠬᠡᠷᠬᠢᠨ ᠰᠠᠶᠢᠵᠢᠷᠠᠭᠤᠯᠬᠤ ᠶᠢ ᠣᠶᠢᠯᠠᠭᠠᠬᠤ ᠨᠢ ᠮᠠᠨ ᠤ ᠬᠥᠮᠥᠨ ᠨᠢᠭᠡᠪᠦᠷᠢ ᠳᠤ ᠠᠪᠴᠤ ᠬᠡᠯᠡᠪᠡᠯ ᠲᠤᠶᠢᠯ ᠤᠨ ᠴᠢᠬᠤᠯᠠ ᠶᠤᠮ᠃ ᠥᠨᠥᠳᠥᠷ ᠤᠨ ᠶᠠᠷᠢᠶ᠎ᠠ ᠢᠯᠡᠳᠬᠡᠯ ᠤᠨ ᠤᠷᠤᠯᠳᠤᠭᠠᠨ ᠪᠣᠯ ᠪᠢᠳᠡᠨ ᠤ ᠬᠠᠮᠲᠤ ᠪᠠᠷ ᠰᠤᠷᠤᠯᠴᠠᠬᠤ ᠪᠠ ᠲᠠᠪᠰᠢᠬᠤ ᠵᠠᠪᠰᠢᠶᠠᠨ ᠮᠥᠨ᠃ ᠪᠢᠳᠡ ᠡᠯ᠎ᠡ ᠤᠷᠤᠯᠴᠠᠭᠰᠠᠳ ᠤᠨ ᠶᠠᠷᠢᠶ᠎ᠠ ᠢᠯᠡᠳᠬᠡᠯ ᠠᠴᠠ ᠭᠡᠷ ᠳᠣᠲᠣᠷᠠᠬᠢ ᠠᠭᠠᠷ ᠤᠨ ᠪᠣᠬᠢᠷᠲᠤᠯ ᠤᠨ ᠢᠷᠡᠯᠲᠡ ᠵᠢᠴᠢ ᠬᠡᠷᠬᠢᠨ ᠰᠢᠨᠵᠢᠯᠡᠬᠦ ᠤᠬᠠᠭᠠᠨᠴᠢ ᠠᠷᠭ᠎ᠠ ᠪᠠᠷ ᠭᠡᠷ ᠳᠣᠲᠣᠷᠠᠬᠢ ᠣᠷᠴᠢᠨ ᠲᠣᠭᠤᠷᠢᠨ ᠢ ᠰᠠᠶᠢᠵᠢᠷᠠᠭᠤᠯᠬᠤ ᠶᠢ ᠣᠶᠢᠯᠠᠭᠠᠬᠤ ᠪᠣᠯᠣᠨ᠎ᠠ᠃
   ᠰᠢᠯᠭᠠᠷᠠᠭᠤᠯᠬᠤ ᠺᠣᠮᠢᠰ ᠤᠨ ᠪᠠᠭᠰᠢ ᠤᠷᠤᠯᠳᠤᠭᠠᠨ ᠳᠤ ᠣᠷᠣᠯᠴᠠᠭᠰᠠᠳ ᠲᠤ ᠨᠠᠷᠢᠨ ᠬᠢᠨᠠᠮᠠᠭᠠᠢ ᠪᠠᠷ ᠬᠤᠪᠢ ᠥᠭᠭᠦᠨ᠎ᠡ᠃
   ᠭᠡᠷ ᠳᠣᠲᠣᠷᠠᠬᠢ ᠠᠭᠠᠷ ᠨᠢ ᠡᠷᠡᠭᠦᠯ ᠮᠡᠨᠳᠦ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃ ᠪᠢᠳᠡ ᠭᠡᠷ ᠳᠣᠲᠣᠷᠠᠬᠢ ᠠᠭᠠᠷ ᠤᠨ ᠪᠣᠬᠢᠷᠲᠤᠯ ᠤᠨ ᠡᠷᠡᠭᠦᠯ ᠮᠡᠨᠳᠦ ᠳᠤ ᠤᠴᠠᠷᠠᠭᠤᠯᠬᠤ ᠬᠤᠣᠷ ᠬᠥᠨᠥᠭᠡᠯ ᠢ ᠭᠦᠢᠴᠡᠳ ᠲᠠᠨᠢᠬᠤ ᠶᠢᠨ ᠬᠠᠮᠲᠤ ᠵᠣᠬᠢᠴᠠᠩᠭᠤᠢ ᠠᠷᠭ᠎ᠠ ᠬᠡᠮᠵᠢᠶ᠎ᠡ ᠠᠪᠴᠤ ᠪᠠᠶᠢᠭᠠᠳ ᠭᠡᠷ ᠳᠣᠲᠣᠷᠠᠬᠢ ᠠᠭᠠᠷ ᠤᠨ ᠴᠢᠨᠠᠷ ᠢ ᠰᠠᠶᠢᠵᠢᠷᠠᠭᠤᠯᠬᠤ ᠬᠡᠷᠡᠭᠲᠡᠢ ᠃ ᠭᠠᠭᠴᠠ ᠬᠦ ᠭᠡᠷ ᠳᠣᠲᠣᠷᠠᠬᠢ ᠴᠡᠪᠡᠷ ᠲᠤᠩᠭᠠᠯᠠᠭ ᠠᠭᠤᠷ ᠠᠮᠢᠰᠬᠤᠯ ᠲᠠᠢ ᠪᠠᠶᠢᠪᠠᠯ ᠪᠢᠳᠡ ᠰᠠᠶ᠋ᠢ ᠵᠢᠩᠬᠢᠨᠢ ᠡᠷᠡᠭᠦᠯ ᠰᠠᠶᠢᠬᠠᠨ ᠠᠮᠢᠳᠤᠷᠠᠯ ᠢ ᠡᠳ᠋ᠯᠡᠵᠦ ᠴᠢᠳᠠᠨ᠎ᠠ᠃ ᠣᠲᠣ ᠠᠴᠠ ᠡᠬᠢᠯᠡᠨ᠂ ᠭᠡᠷ ᠳᠣᠲᠣᠷᠠᠬᠢ ᠠᠭᠠᠷ ᠤᠨ ᠴᠢᠨᠠᠷ ᠴᠢᠨᠰᠠᠭ᠎ᠠ ᠶᠢ ᠬᠠᠮᠲᠤ ᠪᠠᠷ ᠠᠩᠬᠠᠷᠴᠤ᠂ ᠥᠪᠡᠷ ᠤᠨ ᠪᠡᠶ᠎ᠡ ᠪᠠ ᠭᠡᠷ ᠤᠨ ᠬᠥᠮᠥᠰ ᠲᠡᠭᠡᠨ ᠡᠷᠡᠭᠦᠯ ᠲᠠᠭᠠᠯᠠᠮᠵᠢᠲᠠᠢ ᠠᠮᠢᠳᠤᠷᠠᠯ ᠤᠨ ᠣᠷᠴᠢᠨ ᠲᠣᠭᠤᠷᠢᠨ ᠢ ᠪᠣᠶ ᠪᠣᠯᠭᠠᠵᠤ ᠥᠭᠭᠦᠶ᠎ᠡ᠃    ᠰᠤᠷᠭᠠᠭᠤᠯᠢ ᠶᠢᠨ ᠤᠳᠤᠷᠢᠳᠬᠤ ᠪᠠᠭ ᠱᠠᠩᠨᠠᠯ ᠣᠯᠣᠭᠰᠠᠨ ᠰᠤᠷᠤᠭᠴᠢᠳ ᠲᠤ ᠱᠠᠩᠨᠠᠯ ᠭᠠᠷᠳᠠᠭᠤᠯᠪᠠ᠃
   ᠶᠣᠰᠣ ᠰᠤᠷᠲᠠᠬᠤᠨ ᠤ ᠬᠥᠮᠦᠵᠢᠯ ᠤᠨ ᠰᠤᠷᠭᠠᠭᠤᠯᠢ ᠶᠢᠨ ᠵᠠᠬᠢᠷᠤᠯ ᠬᠣ᠋ ᠬᠦᠢ ᠰᠢᠶᠠᠩ ︽ᠣᠷᠴᠢᠨ ᠲᠣᠭᠤᠷᠢᠨ ᠤ ᠡᠷᠡᠭᠦᠯ ᠮᠡᠨᠳᠦ ᠶᠢᠨ ᠬᠤᠨᠳᠠᠭᠠᠳᠤ︾ ᠶᠢᠨ ᠶᠠᠷᠢᠶᠠᠨ ᠤ ᠤᠷᠤᠯᠳᠤᠭᠠᠨ ᠤ ᠳ᠋ᠦᠩᠨᠡᠯᠲᠡ ᠬᠢᠪᠡ᠃    ᠲᠡᠷᠡ ᠪᠤᠶ ᠪᠦᠬᠦᠢ ᠤᠷᠤᠯᠳᠤᠭᠠᠨ ᠳᠤ ᠣᠷᠣᠯᠴᠠᠭᠰᠠᠳ ᠲᠤ ᠪᠠᠶᠠᠷ ᠬᠦᠷᠭᠡᠪᠡ᠃ ᠲᠠ ᠨᠠᠷ ᠤᠨ ᠶᠠᠷᠢᠶ᠎ᠠ ᠢᠯᠡᠳᠬᠡᠯ ᠬᠦᠴᠦᠨ ᠴᠢᠳᠠᠯ ᠪᠠ ᠨᠥᠯᠥᠭᠡᠯᠡᠬᠦ ᠬᠦᠴᠦᠨ ᠢᠶᠠᠷ ᠪᠢᠯᠬᠠᠵᠤ᠂ ᠣᠷᠴᠢᠨ  ᠲᠤᠭᠤᠷᠢᠨ ᠪᠠ ᠡᠷᠡᠭᠦᠯ ᠮᠡᠨᠳᠤ ᠶᠢᠨ ᠪᠢᠳᠡᠨ ᠳᠤ ᠦᠵᠡᠭᠦᠯᠬᠦ ᠴᠢᠬᠤᠯᠠ ᠴᠢᠨᠠᠷ ᠢ ᠪᠢᠳᠡᠨ ᠳᠤ ᠭᠦᠨᠵᠡᠭᠡᠢ ᠲᠠᠨᠢᠭᠤᠯᠤᠭᠰᠠᠨ ᠪᠠᠶᠢᠨ᠎ᠠ᠃ ᠲᠠᠨᠠᠷ ᠤᠨ ᠣᠷᠴᠢᠨ ᠲᠣᠭᠤᠷᠢᠨ ᠪᠣᠯᠣᠨ ᠡᠷᠡᠭᠦᠯ ᠮᠡᠨᠳᠦ ᠶᠢᠨ ᠠᠰᠠᠭᠤᠳᠠᠯ ᠳᠤ ᠠᠩᠬᠠᠷᠤᠯ ᠲᠠᠯᠪᠢᠬᠤ ᠶᠢ ᠪᠠᠲᠤᠯᠠᠵᠤ᠂ ᠰᠣᠷᠣᠭᠰᠠᠨ ᠵᠦᠢᠯ ᠢᠶᠠᠨ ᠪᠣᠳᠠᠲᠤ ᠠᠵᠢᠯᠯᠠᠭ᠎ᠠ ᠪᠣᠯᠭᠠᠨ ᠬᠤᠪᠢᠷᠠᠭᠤᠯᠵᠤ᠂ ᠡᠷᠡᠭᠦᠯ ᠡᠩᠬᠡ ᠪᠠ ᠦᠷᠭᠦᠯᠵᠢᠯᠡᠬᠦ ᠢᠷᠡᠭᠡᠳᠦᠢ ᠶᠢ ᠴᠣᠭᠴᠠᠯᠠᠨ ᠪᠠᠶᠢᠭᠤᠯᠬᠤ ᠳᠤ ᠬᠤᠪᠢ ᠨᠡᠮᠡᠷᠢ ᠦᠵᠡᠭᠦᠯᠬᠦ ᠶᠢ ᠬᠦᠰᠡᠵᠦ ᠪᠠᠶᠢᠨ᠎ᠠ ᠭᠡᠵᠦ ᠵᠢᠭᠠᠵᠤ ᠭᠠᠷᠭᠠᠪᠠ᠃    ᠵᠣᠯ ᠵᠢᠷᠭᠠᠯᠲᠤ ᠠᠮᠢᠳᠤᠷᠠᠯ ᠨᠢ ᠢᠳᠡᠵᠦ ᠡᠮᠦᠰᠬᠦ ᠪᠠᠨ ᠡᠯᠪᠡᠭᠵᠢᠭᠦᠯᠬᠦ ᠳᠤ ᠪᠠᠶᠢᠬᠤ ᠪᠠᠷ ᠪᠠᠷᠠᠬᠤ ᠦᠭᠡᠢ ᠪᠠᠰᠠ ᠬᠥᠬᠡᠮᠳᠦᠭ ᠤᠰᠤ ᠬᠥᠬᠡ ᠣᠭᠲᠠᠷᠭᠤᠢ ᠳᠤ ᠪᠠᠶᠢᠳᠠᠭ᠂ ᠭᠠᠭᠴᠠ ᠬᠦ ᠪᠢᠳᠡ ᠬᠠᠮᠲᠤ ᠪᠠᠷ ᠴᠢᠷᠮᠠᠶᠢᠪᠠᠯ ᠰᠠᠶ᠋ᠢ ᠪᠢᠳᠡᠨ ᠤ ᠠᠮᠢᠳᠤᠷᠠᠯ ᠢᠶᠠᠨ ᠨᠡᠩ ᠰᠠᠶᠢᠨ ᠰᠠᠶᠢᠬᠠᠨ ᠪᠣᠯᠭᠠᠵᠤ ᠴᠢᠳᠠᠨ᠎ᠠ᠃ ᠪᠢᠳᠡ ᠭᠠᠷ ᠭᠠᠷ ᠢᠶᠠᠨ ᠬᠤᠯᠪᠤᠯᠴᠠᠨ᠂ ᠪᠢᠳᠡ ᠣᠷᠴᠢᠨ ᠲᠣᠭᠤᠷᠢᠨ ᠢᠶᠠᠨ ᠰᠠᠶᠢᠵᠢᠷᠠᠭᠤᠯᠵᠤ᠂ ᠬᠥᠬᠡᠮᠳᠦᠭ ᠤᠰᠤ ᠬᠥᠬᠡ ᠣᠭᠲᠠᠷᠭᠤᠢ ᠶᠢ ᠬᠠᠮᠠᠭᠠᠯᠠᠵᠤ᠂ ᠨᠡᠩ ᠡᠷᠡᠭᠦᠯ ᠴᠢᠭᠢᠷᠠᠭ᠂ ᠵᠣᠯ ᠵᠢᠷᠭᠠᠯᠲᠤ ᠠᠮᠢᠳᠤᠷᠠᠯ ᠤᠨ ᠣᠷᠣᠨ ᠵᠠᠢ ᠶᠢ ᠴᠣᠭᠴᠠᠯᠠᠵᠤ ᠴᠢᠳᠠᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号