ᠲᠦᠴᠢᠦᠸᠠᠨ ᠰᠢᠶᠠᠨ ᠤ ᠰᠢᠨᠬᠤᠸᠠ ᠨᠣᠮ ᠤᠨ ᠳᠡᠯᠭᠡᠭᠦᠷ ᠡᠪ ᠬᠠᠮᠳᠤ ᠵᠠᠯᠠᠭᠤᠴᠤᠳ ᠤᠨ ᠡᠪᠯᠡᠯ ᠤᠨ ᠰᠢᠶᠠᠨ ᠤ ᠨᠠᠮ ᠤᠨ ᠬᠤᠷᠢᠶ᠎ᠠ ᠲᠠᠢ ᠬᠠᠮᠳᠤᠷᠠᠨ ︽ᠤᠮᠠᠷᠠᠲᠤ ᠬᠢᠯᠢ ᠳᠤ ᠤᠩᠰᠢᠯᠭ᠎ᠠ ᠬᠢᠵᠦ ᠨᠤᠮ ᠤᠨ ᠬᠠᠨᠢ  ᠲᠠᠢ ᠰᠢᠨᠡᠯᠡᠶ᠎ᠡ︾ ᠭᠡᠬᠦ ᠭᠤᠣᠯ ᠰᠡᠳᠦᠪᠲᠦ ᠨᠣᠮ ᠤᠩᠰᠢᠬᠤ ᠠᠵᠢᠯᠯᠠᠭ᠎ᠠ ᠥᠷᠨᠢᠭᠦᠯᠵᠡᠢ
ᠨᠡᠶᠢᠲᠡᠯᠡᠭᠰᠡᠨ ᠴᠠᠭ᠄
2024/2/6
   ᠳᠤᠮᠳᠠᠳᠤ ᠶᠢᠨ ᠤᠯᠠᠮᠵᠢᠯᠠᠯᠲᠤ ᠰᠣᠶᠣᠯ ᠢ ᠪᠠᠳᠠᠷᠠᠭᠤᠯᠵᠦ᠂ ᠴᠠᠭᠠᠨ ᠰᠠᠷ᠎ᠠ ᠶᠢᠨ ᠥᠯᠵᠡᠶᠢᠲᠦ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠤᠶ ᠪᠤᠯᠭᠠᠬᠤ ᠶᠢᠨ ᠲᠦᠯᠦᠭᠡ᠃ 2 ᠰᠠᠷ᠎ᠠ ᠶᠢᠨ 2  ᠤᠨ ᠡᠳᠦᠷ᠂ ᠲᠦᠴᠢᠦᠸᠠᠨ ᠰᠢᠶᠠᠨ ᠤ ᠰᠢᠨᠬᠤᠸᠠ ᠨᠣᠮ ᠤᠨ ᠳᠡᠯᠭᠡᠭᠦᠷ ᠡᠪ ᠬᠠᠮᠳᠤ ᠵᠠᠯᠠᠭᠤᠴᠤᠳ ᠤᠨ ᠡᠪᠯᠡᠯ ᠤᠨ ᠰᠢᠶᠠᠨ ᠤ ᠨᠠᠮ ᠤᠨ ᠬᠤᠷᠢᠶ᠎ᠠ  ᠲᠠᠢ ᠬᠠᠮᠳᠤᠷᠠᠨ ︽ᠤᠮᠠᠷᠠᠲᠤ ᠬᠢᠯᠢ ᠳᠤ ᠤᠩᠰᠢᠯᠭ᠎ᠠ ᠬᠢᠵᠦ ᠨᠤᠮ ᠤᠨ ᠬᠠᠨᠢ ᠲᠠᠢ ᠰᠢᠨᠡᠯᠡᠶ᠎ᠡ︾ ᠭᠡᠬᠦ ᠭᠤᠣᠯ ᠰᠡᠳᠦᠪᠲᠦ ᠨᠣᠮ ᠤᠩᠰᠢᠬᠤ ᠠᠵᠢᠯᠯᠠᠭ᠎ᠠ ᠶᠢ ᠥᠷᠨᠢᠭᠦᠯᠵᠡᠢ᠃ ︽ᠰᠢᠯᠢᠳᠡᠭ ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠨ︾᠂ ᠭᠡᠷ ᠢᠶᠠᠨ ᠰᠠᠬᠢᠵᠤ ᠬᠤᠴᠣᠷᠤᠭᠰᠠᠨ ᠬᠡᠦᠬᠡᠳ᠂ ᠲᠦᠷᠭᠡᠨ ᠬᠦᠷᠭᠡᠯᠲᠡ ᠶᠢᠨ ᠠᠵᠢᠯ ᠡᠷᠬᠢᠯᠡᠭᠰᠡᠳ ᠤᠨ ᠦᠷ᠎ᠡ ᠬᠡᠦᠬᠡᠳ᠂ ᠤᠯᠠᠭᠠᠨ ᠪᠦᠴᠡᠲᠡᠨ ᠤ ᠲᠣᠭᠤᠷᠢᠨ ᠬᠢᠴᠢᠶᠡᠯᠯᠡᠬᠦ ᠪᠦᠯᠬᠦᠮ ᠤᠨ ᠪᠦᠷᠢᠯᠳᠦᠭᠦᠨ᠂ ᠰᠤᠷᠭᠠᠭᠤᠯᠢ ᠶᠢᠨ ᠭᠠᠳᠠᠨᠠᠬᠢ ᠬᠠᠪᠰᠤᠷᠤᠨ ᠵᠢᠯᠣᠭᠤᠳᠤᠭᠴᠢ ᠵᠡᠷᠭᠡ 30 ᠭᠠᠷᠤᠢ ᠬᠥᠮᠥᠨ ᠢ ᠵᠣᠬᠢᠶᠠᠨ ᠪᠠᠶᠢᠭᠤᠯᠵᠤ ᠣᠷᠣᠯᠴᠠᠭᠤᠯᠪᠠ᠃
   ᠠᠵᠢᠯᠯᠠᠭ᠎ᠠ ᠨᠢ ᠶᠠᠭᠤᠨ ᠤ ᠤᠷᠢᠳ ᠬᠡᠦᠬᠡᠳ ᠤᠳ ᠲᠤ ᠪᠠᠭ᠎ᠠ ᠰᠢᠨ᠎ᠡ ᠶᠢᠨ ᠵᠠᠩ ᠳᠠᠳᠬᠠᠯ ᠪᠠ ᠢᠷᠡᠯᠳᠡ ᠶᠢ ᠲᠠᠶᠢᠯᠪᠤᠷᠢᠯᠠᠨ ᠥᠭᠴᠦ᠂ ᠳᠠᠷᠠᠭ᠎ᠠ ᠨᠢ ᠪᠠᠭᠰᠢ ᠠᠴᠠ ᠲᠡᠳᠡᠨ ᠢ ᠵᠢᠯᠣᠭᠤᠳᠤᠨ ᠴᠠᠭᠠᠰᠤᠨ ᠬᠠᠶᠢᠴᠢᠯᠠᠮᠠᠯ ᠤᠨ ᠦᠨᠳᠦᠰᠦᠨ ᠤᠷ᠎ᠠ ᠮᠡᠷᠭᠡᠵᠢᠯ ᠢ ᠡᠵᠡᠮᠰᠢᠭᠦᠯᠵᠡᠢ᠃ ᠵᠢᠵᠢᠭ ᠬᠠᠶᠢᠴᠢ ᠥᠩᠭᠡᠲᠦ ᠴᠠᠭᠠᠰᠤᠨ ᠳᠡᠭᠡᠷ᠎ᠡ ᠨᠢᠰᠬᠦ ᠶᠢ ᠳᠠᠭᠠᠯᠳᠤᠨ᠂ ᠤᠷᠠᠨ ᠪᠦᠲᠦᠭᠡᠯ ᠤᠳ ᠣᠯᠠᠨ ᠤ ᠨᠢᠳᠦᠨ ᠳᠤ ᠲᠣᠳᠣᠷᠠᠵᠤ᠂ ᠪᠢᠴᠢᠬᠠᠨ ᠨᠠᠶᠢᠵᠠ ᠨᠠᠷ ᠴᠣᠩᠬᠤᠨ ᠬᠤᠸᠠᠷ ᠬᠠᠶᠢᠴᠢᠯᠠᠬᠤ ᠠᠷᠭ᠎ᠠ ᠪᠠᠷ ᠴᠠᠭᠠᠨ ᠰᠠᠷ᠎ᠠ ᠶᠢ ᠤᠭᠲᠤᠵᠠᠢ᠃
   ︽ᠣᠨᠢᠰᠤᠭ᠎ᠠ ᠳᠠᠭᠠᠬᠤ︾ ᠭᠤᠭᠴᠤᠭ᠎ᠠ ᠳᠤ ᠠᠵᠢᠯᠯᠠᠭ᠎ᠠ ᠶᠢᠨ ᠠᠬᠤᠢ ᠲᠠᠯᠠᠪᠠᠶ ᠶᠢᠨ ᠬᠠᠯᠠᠭᠤᠨ ᠥᠷᠨᠢᠯᠲᠡ ᠭᠠᠷᠴᠤ᠂ ᠣᠨᠢᠰᠤᠭ᠎ᠠ ᠶᠢᠨ ᠠᠭᠤᠯᠭ᠎ᠠ ᠨᠢ ᠥᠷᠭᠡᠨ ᠳᠡᠯᠭᠡᠷ ᠪᠠᠶᠢᠵᠤ᠂ ᠥᠰᠥᠭ ᠤᠨ ᠣᠨᠢᠰᠤᠭ᠎ᠠ᠂ ᠬᠡᠪᠰᠢᠮᠡᠯ ᠬᠡᠯᠡᠯᠭᠡ᠂ ᠮᠡᠳᠡᠯᠭᠡ᠂ ᠠᠮᠢᠳᠤᠷᠠᠯ᠂ ᠭᠠᠵᠠᠷ ᠵᠦᠢ ᠵᠡᠷᠭᠡ ᠲᠥᠷᠥᠯ ᠵᠦᠢᠯ ᠳᠤ ᠬᠤᠪᠢᠶᠠᠭᠳᠠᠵᠤ᠂ ᠬᠢᠯᠪᠠᠷ ᠣᠶᠢᠯᠠᠭᠠᠮᠵᠢᠲᠠᠢ ᠰᠣᠨᠢᠷᠬᠠᠯ ᠲᠠᠢ ᠲᠠᠭᠠᠪᠤᠷᠢᠯᠠᠯ ᠰᠡᠳᠦᠪ ᠪᠠᠶᠢᠬᠤ ᠮᠥᠷᠲᠡᠭᠡᠨ ᠪᠠᠰᠠ ᠨᠡᠯᠢᠶᠡᠳ ᠪᠤᠳᠤᠯᠢᠶᠠᠨᠲᠠᠢ ᠬᠡᠶᠢᠰᠪᠦᠷᠢ ᠣᠨᠢᠰᠤᠭ᠎ᠠ ᠰᠡᠳᠦᠪ ᠪᠠᠶᠢᠵᠤ᠂ ᠵᠤᠭ᠎ᠠ ᠴᠡᠩᠭᠡᠯ ᠤᠨ ᠤᠨᠴᠠᠯᠢᠭ ᠲᠠᠢ ᠮᠥᠷᠲᠡᠭᠡᠨ ᠮᠡᠳᠡᠯᠭᠡ ᠶᠢᠨ ᠤᠨᠴᠠᠯᠢᠭ ᠲᠠᠢ ᠪᠠᠶᠢᠳᠠᠭ᠃ ᠠᠵᠢᠯᠯᠠᠭ᠎ᠠ ᠶᠢᠨ ᠡᠴᠦᠰ ᠲᠤ ᠰᠢᠨᠬᠤᠸᠠ ᠨᠣᠮ ᠤᠨ ᠳᠡᠯᠭᠡᠭᠦᠷ ᠤᠨ ᠠᠵᠢᠯᠲᠠᠳ ᠪᠢᠴᠢᠬᠠᠨ ᠨᠠᠶᠢᠵᠠ ᠨᠠᠷ ᠲᠤ ᠨᠣᠮ ᠪᠢᠴᠢᠭ ᠪᠡᠯᠡᠭᠯᠡᠵᠦ ᠥᠭᠪᠡ᠃
   ᠡᠨᠡ ᠤᠳᠠᠭ᠎ᠠ ᠶᠢᠨ ᠠᠵᠢᠯᠯᠠᠭ᠎ᠠ ᠨᠢ ᠴᠠᠭᠠᠨ ᠰᠠᠷ᠎ᠠ ᠶᠢ ᠤᠭᠲᠤᠬᠤ ᠰᠣᠶᠣᠯ ᠤᠨ ᠠᠭᠤᠷ ᠠᠮᠢᠰᠬᠤᠯ ᠢ ᠪᠤᠶ ᠪᠣᠯᠭᠠᠭᠰᠠᠨ ᠪᠥᠭᠡᠳ ᠪᠠᠰᠠ ᠵᠠᠯᠠᠭᠤᠴᠤᠳ ᠪᠠᠭᠠᠴᠤᠳ ᠢ ᠨᠣᠮ ᠤᠩᠰᠢᠬᠤ ᠳᠤ ᠢᠳᠡᠪᠬᠢᠲᠡᠢ ᠣᠷᠣᠯᠴᠠᠭᠤᠯᠵᠤ᠂ ᠨᠡᠩ ᠣᠯᠠᠨ ᠤᠯᠠᠮᠵᠢᠯᠠᠯᠲᠤ ᠮᠡᠳᠡᠯᠭᠡ ᠶᠢ ᠬᠡᠦᠬᠡᠳ ᠤᠳ ᠲᠤ ᠬᠥᠮᠦᠵᠢᠯ ᠬᠦᠷᠲᠡᠭᠡᠭᠰᠡᠨ ᠪᠠᠶᠢᠨ᠎ᠠ᠃
 
ᠢᠷᠡᠯᠲᠡ᠄ ᠲᠦᠴᠢᠤᠸᠠᠨ ᠰᠢᠶᠠᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号